ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ
ᠨᠡᠶᠢᠲᠡᠯᠡᠭᠰᠡᠨ ᠴᠠᠭ᠄
2022/9/29
      ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ ᠬᠡᠳᠡᠭ ᠨᠢ ᠵᠢᠷᠦᠬᠡᠨ ᠴᠤᠬᠢᠯᠭ᠎ᠠ᠂ ᠠᠮᠢᠰᠬᠤᠯ ᠬᠡᠨᠡᠳᠳᠠ ᠪᠠᠷ ᠵᠤᠭᠰᠤᠭᠰᠠᠨ ᠡᠪᠡᠳᠴᠢᠳᠠᠨ ᠳᠤ ᠪᠠᠴᠢᠮ ᠠᠪᠤᠷᠠᠯᠳᠠ ᠬᠢᠬᠦ ᠠᠷᠭ᠎ᠠ ᠪᠤᠯᠤᠨ᠎ᠠ᠃     ᠭᠤᠤᠯᠳᠠᠭᠤ ᠦᠷᠦᠴᠠ ᠶᠢᠨ ᠭᠠᠳᠠᠨ᠎ᠠ ᠠᠴᠠ ᠵᠢᠷᠦᠬᠡ ᠳᠤ ᠲᠠᠷᠤᠯᠳᠠ ᠦᠭᠬᠦ ᠪᠠ ᠬᠦᠮᠦᠨ ᠤ ᠬᠦᠴᠦ ᠪᠠᠷ ᠠᠮᠢᠰᠬᠤᠯ ᠠᠪᠤᠭᠤᠯᠬᠤ ᠠᠷᠭ᠎ᠠ ᠶᠢ ᠬᠡᠷᠡᠭᠯᠡᠳᠡᠭ᠃     ᠠᠷᠭᠠᠴᠠᠭᠠᠬᠤ ᠭᠤᠤᠯᠳᠠᠯᠭ᠎ᠠ     ●ᠵᠢᠷᠦᠬᠡᠨ ᠴᠤᠬᠢᠯᠭ᠎ᠠ ᠬᠡᠨᠡᠳᠳᠠ ᠪᠠᠷ ᠵᠤᠭᠰᠤᠭᠰᠠᠨ4 ᠮᠢᠨᠦ᠋ᠲ ᠤᠨ ᠲᠤᠳᠤᠷ᠎ᠠ ᠲᠠᠷᠤᠢ ᠲᠦᠷᠬᠡᠨ ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ ᠠᠪᠤᠷᠠᠯᠳᠠ ᠬᠢᠨ᠎ᠠ᠃ ᠡᠪᠡᠳᠴᠢᠳᠠᠨ ᠢ ᠪᠠᠬᠢᠯᠢᠭ᠌ ᠲᠡᠭᠰᠢᠬᠡᠨ ᠭᠠᠵᠠᠷ ᠲᠡᠬᠡᠭᠰᠢ ᠬᠠᠨᠳᠤᠭᠤᠯᠤᠨ ᠬᠡᠪᠳᠡᠬᠦᠯᠵᠤ᠂30 ᠤᠳᠠᠭ᠎ᠠ ᠦᠷᠦᠴᠠ ᠶᠢᠨ ᠭᠠᠳᠠᠨ᠎ᠠ ᠠᠴᠠ ᠵᠢᠷᠤᠬᠡᠨ ᠳᠤ ᠲᠠᠷᠤᠯᠳᠠ ᠦᠭᠬᠦ ᠪᠦᠷᠢ ᠬᠤᠶᠠᠷ ᠤᠳᠠᠭ᠎ᠠ ᠬᠦᠮᠦᠨ ᠤ ᠬᠦᠴᠦ ᠪᠠᠷ ᠠᠮᠢᠰᠬᠤᠯ ᠠᠪᠤᠭᠤᠯᠤᠨ᠎ᠠ᠃     ● ᠦᠷᠦᠴᠠ ᠶᠢᠨ ᠭᠠᠳᠠᠨ᠎ᠠ ᠠᠴᠠ ᠵᠢᠷᠦᠬᠡᠨ ᠳᠤ ᠲᠠᠷᠤᠯᠳᠠ ᠦᠭᠬᠦ︔ ᠬᠤᠶᠠᠷ ᠭᠠᠷ ᠢᠶᠠᠷ ᠢᠶᠠᠨ ᠡᠪᠡᠳᠴᠢᠳᠠᠨ ᠤ ᠴᠡᠬᠡᠵᠢᠨ ᠲᠡᠬᠡᠷ᠎ᠠ ᠲᠠᠪᠬᠤᠷᠯᠠᠨ ᠲᠠᠯᠪᠢᠵᠤ᠂ ᠮᠦᠷᠦ ᠪᠠᠨ ᠲᠡᠭᠰᠢᠬᠡᠨ ᠪᠠᠶᠢᠯᠭᠠᠨ᠂ ᠮᠢᠨᠦ᠋ᠲ ᠪᠦᠷᠢ100 ᠤᠳᠠᠭ᠎ᠠ ᠶᠢᠨ ᠵᠢᠭᠳᠡ ᠲᠡᠪᠳᠡᠮᠵᠢ ᠪᠠᠷ ᠬᠦᠴᠦᠨ ᠢᠶᠠᠨ ᠲᠤᠬᠢᠷᠠᠭᠤᠯᠵᠤ ᠲᠠᠷᠤᠨ᠎ᠠ᠃     ●ᠬᠦᠮᠦᠨ ᠤ ᠬᠦᠴᠦ ᠪᠠᠷ ᠠᠮᠢᠰᠬᠤᠯ ᠠᠪᠤᠭᠤᠯᠬᠤ᠄ ᠨᠢᠬᠡ ᠭᠠᠷ ᠢᠶᠠᠷ ᠢᠶᠠᠨ ᠡᠪᠡᠳᠴᠢᠳᠠᠨ ᠤ ᠬᠠᠮᠠᠷ ᠢ ᠨᠢ ᠴᠢᠮᠬᠢᠵᠤ᠂ ᠨᠦᠬᠦᠬᠡ ᠭᠠᠷ ᠢᠶᠠᠷ ᠢᠶᠠᠨ ᠡᠷᠡᠦ ᠎ ᠶᠢ ᠨᠢ ᠲᠦᠰᠢᠵᠤ᠂ ᠡᠪᠡᠳᠴᠢᠳᠠᠨ ᠤ ᠠᠮᠠᠨ ᠳᠤ ᠬᠡᠢ ᠦᠯᠢᠶᠡᠵᠤ ᠠᠮᠢᠰᠬᠤᠯ ᠠᠪᠤᠭᠤᠯᠤᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ