| | | | ᠠᠮᠢᠰᠬᠤᠯ ᠤᠨ ᠵᠠᠮ ᠳᠤ ᠤᠨᠳᠤᠤ ᠶᠠᠭᠤᠮ᠎ᠠ ᠲᠦᠭᠵᠢᠬᠦ ᠭᠡᠳᠡᠭ ᠨᠢ ᠬᠤᠭᠤᠯᠠᠢ᠂ ᠮᠦᠬᠡᠷᠰᠦᠨ ᠬᠤᠭᠤᠯᠠᠢ ᠪᠠ ᠰᠠᠯᠪᠤᠷᠢ ᠮᠦᠬᠡᠷᠰᠦᠨ ᠬᠤᠭᠤᠯᠠᠢ ᠵᠡᠷᠬᠡ | ᠠᠮᠢᠰᠬᠤᠯ ᠤᠨ ᠰᠢᠰᠲ᠋ᠧᠮ ᠳᠤ ᠤᠨᠳᠤᠦ ᠶᠠᠭᠤᠮ᠎ᠠ ᠲᠦᠭᠵᠢᠵᠤ ᠲᠦᠷᠬᠡᠨ ᠴᠢᠨᠠᠷᠳᠠᠢ ᠠᠮᠢᠰᠬᠤᠯ ᠲᠠᠰᠤᠷᠠᠬᠤ ᠶᠢ ᠵᠢᠭᠠᠨ᠎ᠠ᠃ ᠭᠤᠤᠯᠳᠠᠭᠤ ᠦᠬᠡ ᠬᠡᠯᠡᠵᠤ ᠭᠠᠷᠬᠤ | ᠦᠬᠡᠢ᠂ ᠬᠠᠨᠢᠶᠠᠵᠤ ᠴᠢᠳᠠᠬᠤ ᠦᠬᠡᠢ᠂ ᠠᠮᠢᠰᠬᠤᠬᠤ ᠳᠤ ᠬᠦᠴᠢᠷᠳᠡᠵᠤ᠂ ᠨᠢᠭᠤᠷ ᠴᠢᠷᠠᠢ ᠤᠯᠠᠶᠢᠵᠤ ᠬᠠᠷᠠᠯᠠᠬᠤ ᠪᠠᠶᠢᠳᠠᠯ ᠢᠯᠡᠷᠡᠵᠤ᠂ ᠬᠤᠭᠤᠯᠠᠢ ᠪᠠᠨ ᠵᠢᠭᠠᠵᠤ᠂ | ᠬᠦᠵᠦᠬᠦᠦ ᠶᠢᠨ ᠬᠡᠰᠡᠭ ᠢᠶᠠᠨ ᠴᠢᠮᠬᠢᠨ ᠪᠠᠷᠢᠬᠤ ᠵᠡᠷᠬᠡ ᠦᠢᠯᠡ ᠬᠦᠳᠡᠯᠦᠯ ᠭᠠᠷᠤᠨ᠎ᠠ᠃ | ᠠᠷᠭᠠᠴᠠᠭᠠᠬᠤ ᠭᠤᠤᠯᠳᠠᠯᠭ᠎ᠠ | ● ᠡᠪᠡᠳᠴᠢᠳᠠᠨ ᠤ ᠤᠬᠠᠭᠠᠨ ᠮᠡᠳᠡᠷᠡᠯ ᠰᠡᠷᠬᠡᠭ ᠪᠠᠶᠢᠬᠤ ᠦᠶ᠎ᠠ ᠳᠤ ᠬᠦᠴᠦᠳᠠᠢ ᠬᠠᠨᠢᠶᠠᠵᠤ ᠭᠠᠷᠭᠠᠬᠤ ᠶᠢ ᠨᠢ ᠵᠤᠷᠢᠭᠵᠢᠭᠤᠯᠤᠨ᠎ᠠ᠃ ᠡᠪᠡᠳᠴᠢᠳᠠᠨ ᠤ | ᠨᠢᠷᠤᠭᠤ ᠶᠢᠨ ᠬᠡᠰᠡᠭ ᠢᠶᠠᠷ ᠨᠢ ᠭᠠᠳᠠᠭᠰᠢ ᠬᠠᠨᠳᠤᠭᠤᠯᠤᠨ ᠲᠡᠪᠡᠷᠢᠵᠤ᠂ ᠨᠢᠬᠡ ᠭᠠᠷ ᠢᠶᠠᠨ ᠨᠢᠳᠤᠷᠭᠠᠯᠠᠨ ᠪᠠᠷᠢᠵᠤ ᠡᠷᠡᠬᠡᠢ ᠬᠤᠷᠤᠭᠤ ᠪᠠᠷ ᠢᠶᠠᠨ ᠬᠡᠪᠡᠯᠢ ᠶᠢᠨ ᠬᠡᠰᠡᠭ | ᠢ ᠨᠢ ᠲᠡᠬᠡᠭᠰᠢ ᠰᠢᠬᠠᠨ᠎ᠠ᠃ ᠬᠡᠪᠡᠯᠢ ᠶᠢᠨ ᠬᠡᠰᠡᠭ ᠢ ᠲᠡᠬᠡᠭᠰᠢ ᠰᠢᠬᠠᠬᠤ᠂ ᠨᠢᠷᠤᠭᠤ ᠶᠢ ᠨᠢ ᠲᠠᠪᠳᠠᠬᠤ ᠶᠢ ᠰᠡᠯᠬᠦᠨ ᠬᠢᠵᠤ᠂ ᠲᠦᠭᠵᠢᠭᠰᠡᠨ ᠶᠠᠭᠤᠮ᠎ᠠ ᠶᠢ | ᠪᠦᠬᠡᠯᠵᠢᠬᠦᠯᠵᠤ ᠭᠠᠷᠭᠠᠨ᠎ᠠ᠃ | ●ᠡᠪᠡᠳᠴᠢᠳᠠᠨ ᠤ ᠤᠬᠠᠭᠠᠨ ᠮᠡᠳᠡᠷᠡᠯ ᠪᠠᠯᠠᠷᠬᠠᠢ ᠦᠶᠡᠰ᠂ ᠬᠤᠶᠠᠷ ᠭᠠᠷ ᠢ ᠨᠢ ᠲᠠᠪᠬᠤᠷᠯᠠᠨ ᠲᠡᠭᠵᠢᠬᠡᠨ ᠬᠡᠪᠳᠡᠬᠦᠯᠵᠤ᠂ ᠬᠡᠪᠡᠯᠢ ᠶᠢᠨ ᠬᠡᠰᠡᠭ ᠠᠴᠠ | ᠲᠡᠬᠡᠭᠰᠢ ᠴᠢᠭᠯᠡᠯ ᠢᠶᠠᠷ ᠰᠢᠬᠠᠵᠤ᠂ ᠲᠦᠭᠵᠢᠭᠰᠡᠨ ᠶᠠᠭᠤᠮ᠎ᠠ ᠶᠢ ᠪᠦᠬᠡᠯᠵᠢᠬᠦᠯᠵᠤ ᠭᠠᠷᠭᠠᠨ᠎ᠠ᠃ | ● ᠬᠡᠦᠬᠡᠳ ᠤᠨ ᠬᠤᠭᠤᠯᠠᠢ ᠳᠤ ᠤᠨᠳᠤᠤ ᠶᠠᠭᠤᠮ᠎ᠠ ᠲᠦᠭᠵᠢᠭᠰᠡᠨ ᠪᠠᠶᠢᠪᠠᠯ᠂ ᠬᠡᠦᠬᠡᠳ ᠢ ᠪᠦᠳᠦᠬᠦᠨ ᠭᠤᠶ᠎ᠠ ᠲᠡᠬᠡᠷ᠎ᠠ ᠪᠠᠨ ᠲᠡᠬᠡᠭᠰᠢ ᠬᠠᠨᠳᠤᠭᠤᠯᠤᠨ | ᠲᠠᠯᠪᠢᠵᠤ᠂ ᠲᠤᠯᠤᠭᠠᠢ ᠶᠢ ᠨᠢ ᠲᠤᠤᠷ᠎ᠠ ᠰᠢᠭ᠋ ᠪᠠᠶᠢᠯᠭᠠᠵᠤ᠂ ᠲᠤᠮᠳᠠ ᠬᠤᠷᠤᠭᠤ᠂ ᠢᠳᠡᠮ ᠬᠤᠷᠤᠭᠤ ᠪᠠᠷ ᠢᠶᠠᠨ ᠦᠷᠦᠴᠠ ᠶᠢ ᠨᠢ ᠲᠠᠷᠤᠨ᠎ᠠ᠃ ᠨᠢᠷᠤᠭᠤ ᠶᠢ ᠨᠢ | ᠲᠠᠪᠰᠢᠬᠤ ᠪᠠ ᠴᠡᠬᠡᠵᠢᠨ ᠪᠡᠶ᠎ᠠ ᠶᠢ ᠨᠢ ᠰᠢᠬᠠᠬᠤ ᠠᠷᠭ᠎ᠠ ᠶᠢ ᠡᠬᠡᠯᠵᠢᠯᠡᠨ ᠬᠡᠷᠡᠭᠯᠡᠵᠤ ᠪᠤᠯᠤᠨ᠎ᠠ᠃ | ● ᠵᠢᠷᠮᠦᠰᠦᠨ ᠡᠮᠡᠭᠳᠠᠢ ᠪᠤᠶᠤ ᠮᠠᠷᠢᠶᠠᠳᠠᠢ ᠬᠦᠮᠦᠨ ᠪᠤᠯ ᠡᠪᠴᠢᠬᠦᠨ ᠤ ᠲᠤᠤᠷ᠎ᠠ ᠲᠠᠯ᠎ᠠ ᠠᠴᠠ ᠰᠢᠬᠠᠬᠤ ᠠᠷᠭ᠎ᠠ ᠶᠢ ᠬᠡᠷᠡᠭᠯᠡᠨ᠎ᠠ᠃ | ●ᠵᠢᠷᠦᠬᠡᠨ ᠴᠤᠬᠢᠯᠭ᠎ᠠ ᠪᠠ ᠠᠮᠢᠰᠬᠤᠯ ᠨᠢ ᠵᠤᠭᠰᠤᠭᠰᠠᠨ ᠪᠠᠶᠢᠪᠠᠯ ᠲᠠᠷᠤᠢ ᠲᠦᠷᠬᠡᠨ ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ ᠠᠪᠤᠷᠠᠯᠳᠠ ᠬᠢᠨ᠎ᠠ | ᠃ | ● ᠲᠡᠬᠡᠷᠡᠬᠢ ᠠᠷᠭ᠎ᠠ ᠪᠠᠷ ᠠᠪᠤᠷᠠᠯᠳᠠ ᠬᠢᠬᠦ ᠶᠢᠨ ᠵᠡᠷᠬᠡᠪᠡᠷ120 ᠪᠠᠴᠢᠮ ᠠᠪᠤᠷᠠᠯᠳᠠ ᠳᠤ ᠤᠳᠠᠰᠤᠳᠠᠨ᠎ᠠ᠃ |