ᠲᠦᠷᠬᠡᠨ ᠴᠢᠨᠠᠷᠳᠠᠢ ᠵᠢᠷᠦᠬᠡᠨ ᠪᠤᠯᠴᠢᠩ ᠪᠢᠳᠡᠬᠦᠷᠡᠨ ᠦᠬᠦᠵᠢᠬᠦ
ᠨᠡᠶᠢᠲᠡᠯᠡᠭᠰᠡᠨ ᠴᠠᠭ᠄
2022/9/29
      ᠵᠢᠷᠦᠬᠡᠨ ᠪᠤᠯᠴᠢᠩ ᠪᠢᠳᠡᠬᠦᠷᠡᠨ ᠦᠬᠦᠵᠢᠬᠦ ᠬᠡᠳᠡᠭ ᠨᠢ ᠴᠢᠰᠦᠨ ᠰᠤᠳᠠᠯ ᠪᠦᠭᠯᠡᠷᠡᠭᠰᠡᠨ ᠠᠴᠠ ᠪᠤᠯᠵᠤ ᠵᠢᠷᠦᠬᠡᠨ ᠳᠤ ᠴᠢᠰᠦ ᠲᠤᠳᠠᠭᠳᠠᠵᠤ ᠦᠬᠦᠵᠢᠬᠦ ᠶᠢ ᠵᠢᠭᠠᠨ᠎ᠠ᠃ ᠭᠤᠤᠯᠳᠠᠭᠤ ᠴᠡᠬᠡᠵᠢᠨ ᠪᠡᠶ᠎ᠡ ᠴᠤᠴᠢᠮᠠᠭ ᠡᠪᠡᠳᠬᠦ ᠶᠢᠨ ᠲᠠᠭᠠᠤ ᠴᠡᠬᠡᠵᠢ ᠪᠤᠬᠢᠨᠢᠳᠤᠨ ᠠᠮᠢᠰᠬᠤᠬᠤᠤ ᠳᠤ ᠬᠦᠴᠢᠷᠳᠠᠢ ᠪᠤᠯᠵᠤ᠂ ᠲᠤᠷ᠎ᠠ ᠪᠤᠯᠬᠢᠬᠤ᠂ ᠪᠦᠬᠡᠯᠵᠢᠬᠦ᠂ ᠴᠢᠷᠠᠢ ᠬᠤᠵᠠᠶᠢᠬᠤ᠂ ᠬᠦᠢᠳᠡᠨ ᠬᠦᠯᠦᠰᠦ ᠭᠠᠷᠬᠤ ᠵᠡᠷᠬᠡ ᠢᠯᠡᠷᠡᠯ ᠭᠠᠷᠴᠤ᠂ ᠴᠢᠨᠠᠭᠰᠢᠯᠠᠨ ᠵᠢᠷᠦᠬᠡᠨ ᠤ ᠠᠵᠢᠯᠯᠠᠭᠠᠨ ᠵᠢᠮ᠎ᠠ ᠬᠠᠤᠯᠢ ᠪᠠᠨ ᠠᠯᠳᠠᠵᠤ᠂ ᠦᠬᠦᠳᠬᠢᠬᠦ ᠵᠡᠷᠬᠡ ᠢᠯᠡᠷᠡᠯ ᠭᠠᠷᠳᠠᠭ᠃     ᠠᠷᠭᠠᠴᠠᠭᠠᠬᠤ ᠭᠤᠤᠯᠳᠠᠯᠭ᠎ᠠ     ● ᠲᠠᠷᠤᠢ ᠲᠦᠷᠬᠡᠨ120 ᠪᠠᠴᠢᠮ ᠠᠪᠤᠷᠠᠯᠳᠠ ᠳᠤ ᠤᠳᠠᠰᠤᠳᠠᠨ᠎ᠠ᠃     ●ᠡᠪᠡᠳᠴᠢᠳᠠᠨ ᠢ ᠲᠤᠬᠠᠢ ᠶᠢᠨ ᠲᠠᠯᠠᠪᠤᠷ ᠲᠤ ᠬᠡᠪᠳᠡᠬᠦᠯᠦᠨ ᠠᠮᠠᠷᠠᠭᠤᠯᠵᠤ᠂ ᠪᠡᠶ᠎ᠠ ᠶᠢ ᠪᠠᠷᠢᠭᠰᠠᠨ ᠬᠤᠪᠴᠠᠰᠤ ᠶᠢ ᠨᠢ ᠰᠤᠯᠠᠳᠬᠠᠵᠤ᠂ ᠡᠪᠡᠳᠴᠢᠳᠠᠨ ᠢ ᠲᠤᠷ᠎ᠠ ᠪᠠᠷ ᠬᠦᠳᠡᠯᠬᠡᠵᠤ ᠪᠤᠯᠬᠤ ᠦᠬᠡᠢ᠂ ᠡᠪᠡᠳᠴᠢᠳᠠᠨ ᠳᠤ ᠵᠢᠷᠦᠬᠡᠨ ᠤ ᠡᠮ ᠪᠤᠶᠤ ᠲᠠᠶᠢᠪᠤᠰᠢᠷᠠᠭᠤᠯᠬᠤ ᠡᠮ ᠤᠤᠭᠤᠯᠭᠠᠨ᠎ᠠ᠃     ●ᠵᠢᠷᠦᠬᠡᠨ ᠤ ᠴᠤᠬᠢᠯᠭ᠎ᠠ᠂ ᠠᠮᠢᠰᠬᠤᠯ ᠵᠤᠭᠰᠤᠭᠰᠠᠨ ᠡᠪᠡᠳᠴᠢᠳᠠᠨ ᠳᠤ ᠵᠢᠷᠦᠬᠡ ᠠᠭᠤᠰᠬᠢ ᠶᠢᠨ ᠠᠵᠢᠯᠯᠠᠭᠠᠨ ᠢ ᠰᠡᠷᠬᠦᠬᠡᠬᠦ ᠠᠪᠤᠷᠠᠯᠳᠠ ᠬᠢᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ