ᠦᠬᠦᠳᠬᠢᠬᠦ
ᠨᠡᠶᠢᠲᠡᠯᠡᠭᠰᠡᠨ ᠴᠠᠭ᠄
2022/9/29
       ᠦᠬᠦᠳᠬᠢᠬᠦ ᠬᠡᠳᠡᠭ ᠨᠢ ᠪᠠᠶ᠎ᠠ ᠶᠢᠨ ᠭᠤᠤᠯ ᠡᠷᠬᠡᠳᠡᠨ ᠳᠤ ᠴᠢᠰᠤ ᠬᠦᠴᠢᠯᠳᠦ᠋ᠷᠦᠭᠴᠢ ᠲᠤᠳᠠᠭᠳᠠᠵᠤ᠂ ᠴᠢᠰᠤᠨ ᠤ ᠡᠷᠬᠢᠯᠳᠠ ᠬᠠᠷᠰᠢᠯᠠᠭᠳᠠᠬᠤ ᠶᠢ ᠵᠢᠭᠠᠨ᠎ᠠ᠃ ᠭᠤᠤᠯᠳᠠᠭᠤ ᠶᠡᠭᠡ ᠴᠢᠰᠦ ᠭᠠᠷᠬᠤ᠂ ᠬᠠᠯᠳᠠᠪᠤᠷᠢᠯᠠᠬᠤ᠂ ᠬᠤᠤᠷᠠᠳᠠᠭᠳᠠᠬᠤ᠂ ᠵᠢᠷᠦᠬᠡᠨ ᠡᠪᠡᠳᠴᠢᠨ᠂ ᠬᠠᠷᠰᠢᠬᠤ᠂ ᠬᠦᠨᠳᠦ ᠰᠢᠷᠬ᠎ᠠ ᠵᠡᠷᠬᠡ ᠠᠴᠠ ᠡᠬᠦᠰᠳᠡᠭ᠃ ᠭᠤᠤᠯᠳᠠᠭᠤ ᠪᠠᠴᠢᠮᠳᠠᠬᠤ ᠰᠤᠳᠠᠯ ᠤᠨ ᠯᠤᠭᠰᠢᠯᠳᠠ ᠲᠦᠷᠬᠡᠰᠬᠦ ᠠᠷᠠᠰᠤ ᠬᠤᠵᠠᠶᠢᠵᠤ ᠬᠦᠢᠳᠡᠨ ᠬᠦᠯᠦᠰᠦ ᠭᠠᠷᠬᠤ᠂ ᠬᠦᠯᠦᠰᠦ ᠭᠤᠭᠤᠵᠢᠬᠤ᠂ ᠰᠢᠬᠡᠰᠦᠨ ᠤ ᠬᠡᠮᠵᠢᠶ᠎ᠠ ᠪᠠᠭᠠᠰᠬᠤ ᠵᠡᠷᠬᠡ ᠡᠪᠡᠳᠴᠢᠨ ᠤ ᠢᠯᠡᠷᠡᠯ ᠲᠠᠢ᠂ ᠬᠦᠨᠳᠦ ᠦᠶ᠎ᠠ ᠳᠤ ᠠᠷᠠᠰᠤ ᠬᠠᠷᠠᠯᠠᠵᠤ᠂ ᠤᠬᠠᠭᠠᠨ ᠮᠡᠳᠡᠷᠡᠯ ᠪᠠᠯᠠᠷᠠᠨ᠂ ᠰᠢᠬᠡᠰᠦ ᠦᠬᠡᠢ ᠪᠤᠯᠬᠤ ᠪᠤᠶᠤ ᠴᠢᠨᠠᠭᠰᠢᠯᠠᠨ ᠮᠠᠨᠠᠷᠠᠬᠤ ᠢᠯᠡᠷᠡᠯ ᠭᠠᠷᠳᠠᠭ᠃     ᠠᠷᠭᠠᠴᠠᠭᠠᠬᠤ ᠭᠤᠤᠯᠳᠠᠯᠭ᠎ᠠ     ●120 ᠪᠠᠴᠢᠮ ᠠᠪᠤᠷᠠᠯᠳᠠ ᠳᠤ ᠤᠳᠠᠰᠤᠳᠠᠨ᠎ᠠ᠃     ● ᠵᠢᠷᠦᠬᠡᠨ ᠴᠤᠬᠢᠯᠭ᠎ᠠ᠂ ᠠᠮᠢᠰᠬᠤᠯ ᠵᠤᠭᠰᠤᠭᠰᠠᠨ ᠡᠪᠡᠳᠴᠢᠳᠠᠨ ᠳᠤ ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ ᠠᠪᠤᠷᠠᠯᠳᠠ ᠬᠢᠨ᠎ᠠ᠃     ●ᠡᠪᠡᠳᠴᠢᠳᠠᠨ ᠢ ᠲᠠᠷ᠎ᠠ ᠦᠬᠡᠢ ᠪᠠᠷ ᠲᠡᠭᠰᠢᠬᠡᠨ ᠬᠡᠪᠳᠡᠬᠦᠯᠵᠤ᠂ ᠨᠦᠬᠦᠴᠡᠯ ᠬᠦᠷᠦᠯᠴᠡᠪᠡᠯ ᠲᠤᠤᠷ᠎ᠠ ᠮᠦᠴᠢ ᠶᠢ ᠨᠢ ᠦᠨᠳᠦᠷ ᠲᠠᠯᠪᠢᠵᠤ᠂ ᠪᠡᠶ᠎ᠠ ᠶᠢ ᠪᠠᠷᠢᠭᠰᠠᠨ ᠬᠤᠪᠴᠠᠰᠤ ᠶᠢ ᠨᠢ ᠰᠤᠯᠠᠳᠬᠠᠬᠤ ᠶᠢᠨ ᠬᠠᠮᠳᠤ ᠪᠡᠶ᠎ᠠ ᠶᠢᠨ ᠲᠤᠯᠠᠭᠠᠨ ᠢ ᠨᠢ ᠬᠠᠮᠠᠭᠠᠯᠠᠨ᠎ᠠ᠃     ● ᠶᠡᠭᠡ ᠴᠢᠰᠦ ᠭᠠᠷᠬᠤ ᠪᠠ ᠰᠢᠷᠠᠭᠳᠤᠬᠤ ᠵᠡᠷᠬᠡ ᠠᠴᠠ ᠪᠤᠯᠵᠤ ᠦᠬᠦᠳᠬᠢᠭᠰᠡᠨ ᠰᠢᠯᠳᠠᠭᠠᠨ ᠢ ᠲᠠᠷᠤᠶᠢᠬᠠᠨ ᠰᠡᠢᠳᠪᠦᠷᠢᠯᠡᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ