| | | | ᠰᠠ ᠲᠠᠭᠠᠷᠢᠬᠤ ᠬᠡᠳᠡᠭ ᠨᠢ ᠲᠠᠷᠢᠬᠢᠨ ᠤ ᠴᠢᠳᠠᠪᠤᠷᠢ ᠠᠯᠳᠠᠭᠳᠠᠬᠤ ᠶᠢ ᠵᠢᠭᠠᠵᠤ ᠪᠤᠢ᠃ ᠲᠦᠷᠬᠡᠨ ᠴᠢᠨᠠᠷᠳᠠᠢ ᠲᠠᠷᠢᠬᠢ ᠴᠢᠰᠤᠨ ᠰᠤᠳᠠᠯ ᠤᠨ ᠡᠪᠡᠳᠴᠢᠨ ᠤ | ᠲᠦᠷᠦᠯ ᠳᠤ ᠪᠠᠭᠳᠠᠨ᠎ᠠ᠃ ᠭᠤᠤᠯᠳᠠᠭᠤ ᠲᠠᠷᠢᠬᠢᠨ ᠰᠤᠳᠠᠯ ᠪᠦᠯᠦᠩᠨᠡᠬᠦ᠂ ᠲᠠᠷᠢᠬᠢᠨ ᠳᠤ ᠴᠢᠰᠦ ᠬᠠᠷᠪᠤᠬᠤ ᠵᠡᠷᠬᠡ ᠠᠴᠠ ᠡᠬᠦᠰᠳᠡᠭ᠃ ᠢᠳᠡᠷ ᠦᠳᠡᠯᠦᠬᠡ ᠨᠠᠰᠤᠨ | ᠤ ᠬᠦᠮᠦᠨ ᠵᠢᠴᠢ ᠯᠤᠭᠰᠢᠭᠤᠨ ᠰᠤᠳᠠᠯ ᠤᠨ ᠬᠠᠳᠠᠭᠤᠷᠠᠯ᠂ ᠴᠢᠰᠤᠨ ᠲᠠᠷᠤᠯᠳᠠ ᠦᠨᠳᠦᠷ᠂ ᠴᠢᠰᠤᠨ ᠤ ᠦᠬᠡᠬᠦ ᠦᠨᠳᠦᠷᠵᠢᠬᠦ᠂ ᠵᠢᠷᠦᠬᠡᠨ ᠲᠢᠳᠢᠮ ᠡᠪᠡᠳᠴᠢᠨ᠂ | ᠰᠢᠬᠢᠷ ᠰᠢᠵᠢᠩ ᠤᠨ ᠡᠪᠡᠳᠴᠢᠨ ᠲᠠᠢ ᠬᠦᠮᠦᠨ ᠡᠨᠡᠬᠦ ᠡᠪᠡᠳᠴᠢᠨ ᠳᠤ ᠠᠮᠠᠷᠬᠠᠨ ᠨᠡᠷᠪᠡᠭᠳᠡᠨ᠎ᠠ᠃ ᠭᠤᠤᠯᠳᠠᠭᠤ ᠤᠬᠠᠭᠠᠨ ᠮᠡᠳᠡᠷᠡᠯ ᠪᠠᠯᠠᠷᠠᠵᠤ᠂ ᠪᠡᠶ᠎ᠠ ᠮᠢᠨᠴᠦᠬᠦᠷᠡᠬᠦ᠂ | ᠲᠠᠯ᠎ᠠ ᠪᠡᠶ᠎ᠠ ᠬᠡᠨᠡᠳᠳᠠ ᠲᠠᠮᠫᠤᠷᠠᠬᠤ᠂ ᠵᠠᠪᠵᠢ ᠵᠦᠷᠢᠢᠬᠦ᠂ ᠰᠢᠯᠦᠰᠦ ᠭᠤᠭᠤᠵᠢᠬᠤ᠂ ᠦᠳᠬᠡᠨ ᠰᠢᠩᠬᠡᠨ ᠮᠦᠷ ᠬᠤᠷᠢᠭ᠎ᠠ ᠠᠯᠳᠠᠬᠤ᠂ ᠴᠢᠨᠠᠭᠰᠢᠯᠠᠨ ᠮᠠᠨᠠᠷᠠᠬᠤ ᠵᠡᠷᠬᠡ | ᠡᠪᠡᠳᠴᠢᠨ ᠤ ᠢᠯᠡᠷᠡᠯ ᠭᠠᠷᠳᠠᠭ᠃ | ᠠᠷᠭᠠᠴᠠᠭᠠᠬᠤ ᠭᠤᠤᠯᠳᠠᠭ᠎ᠠ | ●120 ᠪᠠᠴᠢᠮ ᠠᠪᠤᠷᠠᠯᠳᠠ ᠳᠤ ᠤᠳᠠᠰᠤᠳᠠᠨ᠎ᠠ᠃ | ●ᠡᠪᠡᠳᠴᠢᠳᠠᠨ ᠢ ᠲᠡᠭᠰᠢᠬᠡᠨ ᠬᠡᠪᠳᠡᠬᠦᠯᠵᠤ᠂ ᠪᠡᠶ᠎ᠠ ᠶᠢ ᠪᠠᠷᠢᠭᠰᠠᠨ ᠬᠤᠪᠴᠠᠰᠤ ᠶᠢ ᠰᠤᠯᠠᠳᠬᠠᠨ᠂ ᠲᠤᠷ᠎ᠠ ᠪᠠᠷ ᠬᠦᠳᠡᠯᠬᠡᠵᠤ ᠪᠤᠯᠬᠤ ᠦᠬᠡᠢ᠃ | ● ᠠᠮᠢᠰᠬᠤᠯ ᠤᠨ ᠵᠠᠮ ᠢ ᠰᠢᠯᠤᠭᠤᠨ ᠪᠠᠶᠢᠯᠭᠠᠵᠤ᠂ ᠪᠦᠬᠡᠯᠵᠢᠪᠡᠯ ᠬᠠᠵᠠᠭᠤ ᠲᠠᠶᠢᠰᠢ ᠬᠠᠨᠳᠤᠭᠤᠯᠤᠨ ᠬᠡᠪᠳᠡᠬᠦᠯᠵᠤ᠂ ᠠᠮᠢᠰᠬᠤᠯ ᠤᠨ ᠵᠠᠮ ᠲᠦᠭᠵᠢᠷᠡᠬᠦ ᠶᠢ | ᠰᠡᠷᠬᠡᠶᠢᠯᠡᠬᠦ ᠬᠡᠷᠡᠭᠳᠠᠢ᠃ ᠢᠳᠡᠬᠦᠯᠵᠤ ᠤᠤᠭᠤᠯᠭᠠᠵᠤ ᠪᠤᠯᠬᠤ ᠦᠬᠡᠢ᠃ | ● ᠵᠢᠷᠦᠬᠡᠨ ᠴᠤᠬᠢᠯᠭ᠎ᠠ ᠵᠤᠭᠰᠤᠵᠤ᠂ ᠠᠮᠢᠰᠬᠤᠯ ᠲᠠᠰᠤᠷᠠᠭᠰᠠᠨ ᠡᠪᠡᠳᠴᠢᠳᠠᠨ ᠳᠤ ᠵᠢᠷᠦᠬᠡ ᠠᠭᠤᠰᠬᠢ ᠠᠵᠢᠯᠯᠠᠭ᠎ᠠ ᠰᠡᠷᠬᠦᠬᠡᠬᠦ ᠠᠪᠤᠷᠠᠯᠳᠠ ᠬᠢᠨ᠎ᠠ᠃ |