| | | ᠰᠢᠷᠠᠭᠳᠤᠪᠠᠯ ᠶᠡᠷᠦᠳᠠ ᠪᠠᠨ ᠴᠢᠰᠦ ᠭᠠᠷᠳᠠᠭ᠃ ᠴᠢᠰᠤᠨ ᠤ ᠬᠡᠮᠵᠢᠶ᠎ᠠ ᠨᠢ800 —— 1000 ᠮᠢᠯᠢᠯᠢᠲᠷ ᠲᠤ ᠬᠦᠷᠪᠡᠯ ᠠᠮᠢ ᠨᠠᠰᠤᠨ ᠳᠤ ᠠᠶᠦᠯᠳᠠᠢ | ᠪᠤᠯᠤᠨ᠎ᠠ᠃ | ᠠᠷᠭᠠᠴᠠᠭᠠᠬᠤ ᠭᠤᠤᠯᠳᠠᠯᠭ᠎ᠠ | ● ᠴᠢᠰᠤ ᠭᠠᠷᠤᠭᠰᠠᠨ ᠪᠠᠶᠢᠳᠠᠯ ᠢ ᠦᠨᠳᠦᠰᠦᠯᠡᠨ᠂ ᠬᠤᠷᠤᠭᠤ ᠪᠠᠷ ᠢᠶᠠᠨ ᠲᠠᠷᠤᠬᠤ᠂ ᠲᠠᠷᠤᠯᠳᠠ ᠨᠡᠮᠡᠭᠳᠡᠬᠦᠯᠦᠨ ᠪᠤᠭᠤᠬᠤ᠂ ᠴᠢᠰᠤ ᠶᠢ ᠵᠤᠭᠰᠤᠭᠠᠬᠤ | ᠤᠷᠢᠶᠠᠯᠳᠠ ᠪᠠᠷ ᠤᠷᠢᠶᠠᠬᠤ᠂ ᠰᠢᠷᠬ᠎ᠠ ᠶᠢ ᠪᠦᠭᠯᠡᠬᠦ᠂ ᠮᠦᠴᠢ ᠶᠢ ᠨᠤᠭᠤᠯᠤᠨ ᠦᠬᠡᠭ ᠲᠠᠪᠢᠰᠬᠦ ᠵᠡᠷᠬᠡ ᠵᠤᠭᠰᠤᠭᠠᠬᠤ ᠠᠷᠭ᠎ᠠ ᠶᠢ ᠬᠡᠷᠡᠭᠯᠡᠨ᠎ᠠ᠃ | ● ᠬᠤᠷᠤᠭᠤ ᠪᠠᠷ ᠢᠶᠠᠨ ᠲᠠᠷᠤᠵᠤ ᠴᠢᠰᠤ ᠶᠢ ᠵᠤᠭᠰᠤᠭᠠᠬᠤ ᠠᠷᠭ᠎ᠠ᠄ ᠲᠤᠮᠳᠠ ᠵᠡᠷᠬᠡ ᠶᠢᠨ ᠪᠤᠶᠤ ᠲᠤᠮᠤ ᠲᠠᠷᠬᠠᠭᠠᠬᠤ ᠰᠤᠳᠠᠯ ᠠᠴᠠ ᠴᠢᠰᠤ ᠭᠠᠷᠬᠤ ᠳᠤ | ᠲᠤᠰ ᠠᠷᠭ᠎ᠠ ᠶᠢ ᠬᠡᠷᠡᠭᠯᠡᠨ᠎ᠠ᠃ ᠴᠢᠰᠤ ᠭᠠᠷᠤᠭᠰᠠᠨ ᠭᠠᠵᠠᠷ ᠳᠠᠬᠢ ᠲᠠᠷᠬᠠᠭᠠᠬᠤ ᠰᠤᠳᠠᠯ ᠤᠨ ᠵᠢᠷᠦᠬᠡᠨ ᠳᠤ ᠦᠢᠷᠠᠬᠠᠨ ᠬᠡᠰᠡᠭ ᠢ ᠬᠤᠷᠤᠭᠤ ᠪᠠᠷ ᠢᠶᠠᠨ ᠲᠠᠷᠤᠨ᠎ᠠ᠃ | ● ᠰᠢᠷᠠᠭᠳᠤᠭᠰᠠᠨ ᠬᠡᠰᠡᠭ ᠢ ᠬᠤᠶᠠᠷ ᠭᠠᠷ ᠢᠶᠠᠷ ᠢᠶᠠᠨ ᠲᠤᠯᠵᠤ ᠲᠤᠭᠳᠠᠭᠠᠭᠠᠳ ᠪᠡᠷᠳᠡᠭᠰᠡᠨ ᠬᠡᠰᠡᠭ ᠤᠨ ᠬᠦᠳᠡᠯᠬᠡᠬᠡᠨ ᠢ ᠬᠢᠵᠠᠭᠠᠷᠯᠠᠬᠤ ᠶᠢᠨ ᠬᠠᠮᠳᠤ | ᠤᠷᠢᠶᠠᠯᠳᠠ᠂ ᠬᠠᠪᠴᠢᠶᠠᠰᠤ ᠪᠠᠷ ᠪᠠᠬᠢᠯᠡᠵᠤ ᠲᠤᠭᠳᠠᠭᠠᠨ᠎ᠠ᠃ ᠬᠡᠯᠪᠡᠷᠢ ᠨᠢ ᠬᠤᠪᠢᠷᠠᠭᠰᠠᠨ ᠬᠡᠰᠡᠭ ᠢ ᠲᠤᠷ᠎ᠠ ᠪᠠᠷ ᠲᠠᠳᠠᠵᠤ ᠠᠰᠯᠠᠭᠤᠯᠵᠤ ᠪᠤᠯᠬᠤ ᠦᠬᠡᠢ᠃ | ● ᠪᠤᠭᠤᠯᠤᠭ ᠴᠢᠮᠦᠬᠡ ᠶᠢᠨ ᠶᠠᠰᠤ ᠪᠡᠷᠳᠡᠭᠰᠡᠨ ᠦᠶᠡᠰ ᠴᠡᠬᠡᠵᠢᠨ ᠤ ᠡᠮᠦᠨ᠎ᠠ ᠲᠤᠭᠳᠠᠭᠠᠵᠤ ᠤᠶᠠᠵᠤ ᠪᠤᠯᠤᠨ᠎ᠠ᠃ | ● ᠴᠠᠷᠪᠠᠭᠤ ᠶᠢᠨ ᠶᠠᠰᠤ ᠪᠡᠷᠳᠡᠭᠰᠡᠨ ᠦᠶᠡᠰ ᠨᠤᠮ ᠵᠡᠷᠬᠡ ᠶᠢ ᠲᠡᠪᠢᠰᠴᠤ ᠤᠷᠢᠶᠠᠭᠠᠳ ᠬᠦᠵᠦᠬᠦᠨ ᠠᠴᠠ ᠲᠡᠬᠦᠵᠢᠯᠡᠨᠠ᠂ ᠡᠨᠡ ᠨᠢ ᠵᠦᠪᠬᠡᠨ ᠲᠦᠷ ᠴᠠᠭ | ᠬᠠᠮᠠᠭᠠᠯᠠᠬᠤ ᠦᠢᠯᠡᠳᠦᠯ ᠲᠠᠢ᠃ | ● ᠲᠤᠤᠷ᠎ᠠ ᠮᠦᠴᠢ ᠶᠢᠨ ᠶᠠᠰᠤ ᠪᠡᠷᠳᠡᠬᠦ ᠦᠶᠡᠰ ᠰᠢᠷᠠᠭᠳᠤᠭᠰᠠᠨ ᠮᠦᠴᠢ ᠶᠢ ᠡᠷᠡᠬᠦᠯ ᠮᠦᠴᠢ ᠲᠠᠢ ᠵᠡᠷᠬᠡᠴᠡᠬᠦᠯᠵᠤ᠂ ᠦᠷᠬᠡᠨ ᠤᠷᠢᠶᠠᠯᠳᠠ ᠪᠠᠷ ᠬᠠᠮᠳᠤ ᠳᠤ | ᠨᠢ ᠤᠷᠢᠶᠠᠨ᠎ᠠ᠃ | ● ᠭᠤᠤᠯ ᠨᠢᠷᠤᠭᠤᠨ ᠤ ᠶᠠᠰᠤ ᠪᠡᠷᠳᠡᠭᠰᠡᠨ ᠦᠶᠡᠰ ᠡᠪᠡᠳᠴᠢᠳᠠᠨ ᠢ ᠬᠠᠳᠠᠭᠤ ᠬᠠᠪᠳᠠᠰᠤᠨ ᠲᠡᠬᠡᠷ᠎ᠠ ᠲᠡᠭᠰᠢᠬᠡᠨ ᠬᠡᠪᠳᠡᠬᠦᠯᠦᠨᠠ᠃ |