| | | | ᠬᠤᠷᠴᠠ ᠮᠠᠰᠠ ᠪᠠᠷ ᠪᠡᠶ᠎ᠠ ᠶᠢᠨ ᠲᠤᠳᠤᠷ ᠡᠷᠬᠡᠳᠡᠨ ᠢ ᠰᠢᠷᠬᠠᠳᠤᠭᠤᠯᠤᠭᠰᠠᠨ ᠪᠤᠶᠤ ᠬᠡᠳᠡᠰᠤ ᠭᠠᠳᠠᠭᠰᠢ ᠤᠨᠵᠡᠶᠢᠭ᠌ᠰᠠᠨ ᠪᠠᠶᠢᠪᠠᠯ ᠲᠤᠷ᠎ᠠ ᠪᠠᠷ ᠬᠦᠳᠡᠯᠬᠡᠵᠤ | ᠪᠤᠯᠬᠤ ᠦᠬᠡᠢ᠂ ᠴᠢᠰᠤ ᠬᠡᠳᠦ ᠭᠠᠷᠬᠤ ᠠᠴᠠ ᠪᠤᠯᠭᠤᠮᠵᠢᠯᠠᠵᠤ᠂ ᠪᠠᠺᠲ᠋ᠧᠷᠢ ᠬᠠᠯᠳᠠᠪᠤᠷᠢᠯᠠᠨ ᠠᠮᠢ ᠨᠠᠰᠤᠨ ᠳᠤ ᠠᠶᠤᠯ ᠠᠪᠴᠢᠷᠠᠬᠤ ᠠᠴᠠ ᠬᠢᠴᠢᠶᠡᠬᠦ ᠬᠡᠷᠡᠭᠳᠠᠢ᠃ | ᠲᠠᠷᠤᠯᠳᠠ ᠨᠡᠮᠡᠭᠳᠡᠬᠦᠯᠦᠨ ᠪᠤᠭᠤᠬᠤ ᠠᠷᠭ᠎ᠠ᠄ ᠵᠢᠵᠢᠭ ᠲᠠᠷᠬᠠᠭᠠᠬᠤ ᠰᠤᠳᠠᠯ᠂ ᠲᠤᠮᠳᠠ ᠵᠢᠵᠢᠭ ᠲᠠᠷᠬᠠᠭᠠᠬᠤ ᠰᠤᠳᠠᠯ ᠠᠴᠠ ᠴᠢᠰᠤ ᠭᠠᠷᠬᠤ ᠦᠶᠡᠰ ᠲᠤᠰ | ᠠᠷᠭ᠎ᠠ ᠶᠢ ᠬᠡᠷᠡᠭᠯᠡᠨ᠎ᠠ᠃ ᠠᠷᠢᠭᠤᠳᠬᠠᠭᠰᠠᠨ ᠤᠷᠢᠶᠠᠳᠠᠰᠤ ᠪᠤᠶᠤ ᠴᠡᠪᠡᠷᠬᠡᠨ ᠪᠦᠰ ᠢ ᠨᠤᠭᠤᠯᠵᠤ ᠰᠢᠷᠬᠠᠨ ᠲᠡᠬᠡᠷ᠎ᠠ ᠪᠠᠨ ᠲᠠᠯᠪᠢᠭᠠᠳ ᠤᠷᠢᠶᠠᠯᠳᠠ ᠪᠠᠷ ᠤᠷᠢᠶᠠᠨ᠎ᠠ᠃ | | ᠴᠢᠰᠤ ᠵᠤᠭᠰᠤᠭᠠᠬᠤ ᠤᠷᠢᠶᠠᠯᠳᠠ ᠪᠠᠷ ᠤᠷᠢᠶᠠᠬᠤ ᠠᠷᠭ᠎ᠠ᠄ ᠲᠦᠷᠪᠡᠨ ᠮᠦᠴᠢ ᠶᠢᠨ ᠲᠤᠮᠤ ᠴᠢᠰᠤᠨ ᠰᠤᠳᠠᠯ ᠠᠴᠠ ᠴᠢᠰᠤ ᠭᠠᠷᠪᠠᠯ ︵ᠲᠠᠷᠤᠯᠳᠠ | ᠨᠡᠮᠡᠭᠳᠡᠬᠦᠯᠦᠨ ᠪᠤᠭᠤᠬᠤ ᠠᠷᠭ᠎ᠠ ᠪᠠᠷ ᠴᠢᠰᠤ ᠶᠢ ᠵᠤᠭᠰᠤᠭᠠᠵᠤ ᠲᠠᠶᠢᠯᠬᠦ ᠦᠬᠡᠢ ᠦᠶᠡᠰ︶ ᠲᠤᠰ ᠠᠷᠭ᠎ᠠ ᠶᠢ ᠬᠡᠷᠡᠭᠯᠡᠨ᠎ᠠ᠃ ᠴᠢᠰᠤ ᠭᠠᠷᠤᠭᠰᠠᠨ ᠭᠠᠵᠠᠷ ᠲᠤ ᠦᠬᠡᠭ | ᠲᠠᠪᠢᠰᠦᠭᠰᠡᠨ ᠤ ᠲᠠᠷᠠᠭ᠎ᠠ ᠴᠢᠰᠤ ᠵᠤᠭᠰᠤᠭᠠᠬᠤ ᠪᠦᠰ ᠢᠶᠠᠷ2 ᠮᠦᠷ ᠴᠢᠩᠭ᠎ᠠ ᠤᠷᠢᠶᠠᠨ᠎ᠠ᠃45 ᠮᠢᠨᠦ᠋ᠲ ᠠᠯᠤᠰᠯᠠᠬᠤ ᠪᠦᠷᠢ2—3 ᠮᠢᠨᠦ᠋ᠲ ᠰᠤᠯᠠᠯᠠᠵᠤ᠂ ᠡᠨᠡ | ᠬᠤᠭᠤᠷᠤᠨᠳᠤ ᠨᠢ ᠬᠤᠷᠤᠭᠤ ᠪᠠᠷ ᠲᠠᠷᠤᠬᠤ ᠠᠷᠭ᠎ᠠ ᠶᠢ ᠰᠤᠯᠢᠪᠴᠢᠨ ᠬᠡᠷᠡᠭᠯᠡᠨ᠎ᠠ᠃ | ᠰᠢᠷᠬ᠎ᠠ ᠶᠢ ᠪᠦᠭᠯᠡᠵᠤ ᠴᠢᠰᠤ ᠵᠤᠭᠰᠤᠭᠠᠬᠤ ᠠᠷᠭ᠎ᠠ᠄ ᠠᠷᠢᠭᠤᠳᠬᠠᠭᠰᠠᠨ ᠰᠡᠶᠢᠮᠡᠬᠡᠢ ᠪᠦᠰ᠂ ᠬᠦᠪᠦᠩ᠂ ᠲᠦᠷᠬᠡᠨ ᠠᠪᠤᠷᠠᠬᠤ ᠪᠠᠭᠯᠠᠭ᠎ᠠ ᠵᠡᠷᠬᠡ ᠪᠠᠷ ᠰᠢᠷᠬ᠎ᠠ | ᠶᠢ ᠪᠦᠭᠯᠡᠨ ᠲᠠᠷᠤᠵᠤ᠂ ᠤᠷᠢᠶᠠᠯᠳᠠ ᠪᠤᠶᠦ ᠭᠤᠷᠪᠠᠯᠵᠢᠨ ᠠᠯᠴᠢᠭᠤᠷ ᠢᠶᠠᠷ ᠪᠤᠭᠤᠨ᠎ᠠ᠃ | ᠮᠦᠴᠢ ᠶᠢ ᠨᠤᠭᠤᠯᠤᠨ ᠦᠬᠡᠭ ᠲᠠᠪᠢᠰᠬᠦ ᠠᠷᠭ᠎ᠠ᠄ ᠴᠠᠷᠪᠠᠭᠤ ᠪᠤᠶᠤ ᠰᠢᠯᠪᠢ ᠴᠢᠰᠦ ᠭᠠᠷᠬᠤ ᠦᠶᠡᠰ᠂ ᠲᠤᠬᠤᠢ ᠶᠢᠨ ᠬᠤᠩᠬᠤᠷ᠂ ᠲᠠᠬᠢᠮ ᠤᠨ ᠬᠤᠩᠬᠤᠷ | ᠲᠤ ᠰᠡᠶᠢᠮᠡᠬᠡᠢ ᠪᠦᠰ᠂ ᠬᠦᠪᠦᠩ ᠤᠨ ᠪᠦᠬᠡᠮ ᠪᠤᠶᠤ ᠠᠯᠴᠢᠭᠤᠷ᠂ ᠬᠤᠪᠴᠠᠰᠤ ᠵᠡᠷᠬᠡ ᠶᠢ ᠲᠡᠪᠢᠰᠴᠤ᠂ ᠦᠶ᠎ᠠ ᠶᠢ ᠨᠤᠭᠤᠯᠤᠨ ᠭᠤᠷᠪᠠᠯᠵᠢᠨ ᠠᠯᠴᠢᠭᠤᠷ ᠢᠶᠠᠷ | ᠲᠤᠭᠳᠠᠭᠠᠵᠤ ᠪᠤᠭᠤᠨ᠎ᠠ᠃ ᠶᠠᠰᠤ ᠪᠡᠷᠳᠡᠭᠰᠡᠨ ᠪᠤᠶᠤ ᠦᠶ᠎ᠠ ᠮᠤᠯᠳᠤᠷᠤᠭᠰᠠᠨ ᠦᠶ᠎ᠠ ᠳᠤ ᠲᠤᠰ ᠠᠷᠭ᠎ᠠ ᠶᠢ ᠬᠡᠷᠡᠭᠯᠡᠵᠤ ᠪᠤᠯᠬᠤ ᠦᠬᠡᠢ᠃ |