| | | | ᠶᠠᠰᠤ ᠪᠡᠷᠳᠡᠬᠦ ᠬᠡᠳᠡᠭ ᠨᠢ ᠭᠠᠳᠠᠷ ᠰᠢᠷᠬ᠎ᠠ ᠵᠡᠷᠬᠡ ᠰᠢᠯᠳᠠᠭᠠᠨ ᠠᠴᠠ ᠪᠤᠯᠵᠤ ᠶᠡᠰᠤ ᠬᠤᠭᠤᠷᠬᠤ ᠪᠤᠶᠤ ᠴᠠᠪ ᠭᠠᠷᠬᠤ ᠶᠢ ᠵᠢᠭᠠᠨ᠎ᠠ᠃ | ᠠᠷᠭᠠᠴᠠᠭᠠᠬᠤ ᠭᠤᠤᠯᠳᠠᠯᠭ᠎ᠠ | ●120 ᠪᠠᠴᠢᠮ ᠠᠪᠤᠷᠠᠯᠳᠠ ᠳᠤ ᠤᠳᠠᠰᠤᠳᠠᠨ᠎ᠠ᠃ | ●ᠠᠷᠭ᠎ᠠ ᠰᠦᠪᠡᠭᠴᠢᠯᠡᠨ ᠪᠡᠶ᠎ᠠ ᠳᠤ ᠰᠢᠭᠠᠭᠳᠠᠭᠰᠠᠨ ᠬᠤᠷᠴᠠ ᠮᠠᠰᠠ ᠶᠢ ᠲᠤᠭᠳᠠᠭᠠᠵᠤ᠂ ᠰᠢᠷᠠᠭᠳᠠᠭᠰᠠᠨ ᠬᠦᠮᠦᠨ ᠢ ᠲᠠᠷᠤᠶᠢᠬᠠᠨ ᠡᠮᠨᠡᠯᠬᠡ ᠳᠤ ᠬᠦᠷᠬᠡᠨ᠎ᠠ᠃ | ᠬᠤᠷᠴᠠ ᠮᠠᠰᠠ ᠶᠢ ᠰᠤᠭᠤᠯᠤᠨ ᠠᠪᠴᠤ ᠪᠤᠯᠬᠤ ᠦᠬᠡᠢ᠂ ᠰᠤᠭᠤᠯᠵᠤ ᠠᠪᠤᠪᠠᠯ ᠶᠡᠭᠡ ᠴᠢᠰᠦ ᠭᠠᠷᠴᠤ ᠠᠮᠢ ᠨᠠᠰᠤᠨ ᠤ ᠠᠶᠤᠯ ᠪᠤᠯᠤᠨ᠎ᠠ᠃ | ● ᠬᠡᠪᠡᠯᠢ ᠶᠢᠨ ᠬᠡᠰᠡᠭ ᠤᠨ ᠭᠠᠳᠠᠷ ᠰᠢᠷᠬ᠎ᠠ ᠠᠴᠠ ᠪᠤᠯᠵᠤ ᠬᠡᠳᠡᠰᠦ ᠭᠠᠳᠠᠭᠰᠢ ᠤᠨᠵᠠᠶᠢᠨ ᠭᠠᠷᠤᠭᠰᠠᠨ ᠪᠤᠯ ᠠᠷᠢᠭᠤᠳᠬᠠᠭᠰᠠᠨ ᠰᠡᠶᠢᠮᠡᠬᠡᠢ ᠪᠦᠰ ᠢᠶᠠᠷ | ᠪᠦᠳᠡᠬᠡᠵᠤ᠂ ᠴᠡᠪᠡᠷᠬᠡᠨ ᠠᠶᠠᠭ᠎ᠠ ᠪᠤᠶᠤ ᠫᠧᠩᠰᠠ ᠪᠠᠷ ᠰᠢᠷᠬ᠎ᠠ ᠶᠢ ᠨᠢ ᠬᠦᠮᠦᠷᠢᠭᠰᠡᠨ ᠤ ᠲᠠᠷᠠᠭ᠎ᠠ ᠤᠷᠢᠶᠠᠯᠳᠠ ᠪᠠᠷ ᠤᠷᠢᠶᠠᠨ ᠲᠤᠭᠳᠠᠭᠠᠵᠤ᠂ ᠬᠤᠷᠳᠤᠬᠠᠨ ᠡᠮᠨᠡᠯᠬᠡ | ᠳᠤ ᠬᠦᠷᠬᠡᠨ᠎ᠠ᠃ ᠦᠪᠡᠷ ᠢᠶᠠᠨ ᠲᠤᠷ᠎ᠠ ᠪᠠᠷ ᠬᠦᠳᠡᠯᠬᠡᠵᠤ ᠪᠤᠯᠬᠤ ᠦᠬᠡᠢ᠃ |