ᠬᠠᠯᠠᠭᠠᠭᠰᠠᠨ ᠰᠢᠷᠬ᠎ᠠ ᠪᠠ ᠰᠢᠳᠠᠭᠰᠠᠨ ᠰᠢᠷᠬ᠎ᠠ
ᠨᠡᠶᠢᠲᠡᠯᠡᠭᠰᠡᠨ ᠴᠠᠭ᠄
2022/9/29
      ᠬᠠᠯᠠᠭᠠᠭᠰᠠᠨ ᠰᠢᠷᠬ᠎ᠠ ᠪᠠ ᠰᠢᠳᠠᠭᠰᠠᠨ ᠰᠢᠷᠬ᠎ᠠ ᠨᠢ ᠪᠤᠴᠠᠯᠤᠭᠰᠠᠨ ᠰᠢᠩᠬᠡᠨ ᠪᠡᠶᠡᠳᠦ ᠪᠠ ᠭᠠᠯ ᠵᠡᠷᠬᠡ ᠠᠴᠠ ᠡᠬᠦᠰᠦᠭᠰᠡᠨ ᠬᠡᠨᠡᠳᠳᠠ ᠶᠢᠨ ᠠᠶᠤᠯ ᠪᠤᠯᠤᠨ᠎ᠠ᠃     ᠠᠷᠭᠠᠴᠠᠭᠠᠬᠤ ᠠᠷᠭ᠎ᠠ    ●ᠬᠠᠯᠠᠭᠠᠭᠰᠠᠨ ᠲᠠᠷᠤᠢ ᠳᠤ ᠬᠦᠢᠳᠡᠨ ᠤᠰᠤᠨ ᠳᠤ10 ᠮᠢᠨᠦ᠋ᠲ ᠠᠴᠠ ᠲᠡᠭᠡᠭᠰᠢ ᠪᠠᠶᠢᠯᠭᠠᠨ᠎ᠠ᠃ ᠬᠡᠷᠪᠡ ᠬᠠᠯᠠᠭᠠᠭᠰᠠᠨ ᠰᠢᠷᠬ᠎ᠠ ᠨᠢ ᠬᠦᠩᠬᠡᠨ ᠰᠢᠭ ᠪᠤᠯ ᠡᠮ ᠪᠤᠶᠤ ᠰᠢᠳᠦ ᠤᠬᠢᠶᠠᠬᠤ ᠨᠤᠳᠠᠭ ᠲᠦᠷᠬᠢᠵᠤ ᠪᠤᠯᠤᠨ᠎ᠠ᠃    ● ᠭᠠᠯ ᠳᠤ ᠰᠢᠳᠠᠭᠳᠠᠭᠰᠠᠨ ᠪᠤᠯ ᠰᠢᠷᠬ᠎ᠠ ᠶᠢᠨ ᠲᠤᠭᠤᠷᠢᠨ ᠳᠠᠬᠢ ᠬᠤᠪᠴᠠᠰᠤ ᠶᠢ ᠲᠠᠶᠢᠯᠠᠵᠤ᠂ ᠨᠠᠭᠠᠯᠳᠤᠬᠤ ᠠᠴᠠ ᠰᠡᠷᠬᠡᠶᠢᠯᠡᠨ᠎ᠠ᠃ ᠬᠡᠷᠪᠡ ᠬᠤᠪᠴᠠᠰᠤ ᠨᠢ ᠰᠢᠷᠬᠠᠨ ᠲᠡᠬᠡᠷ᠎ᠠ ᠨᠢᠬᠡᠨᠳᠠ ᠨᠠᠭᠠᠯᠳᠤᠭᠰᠠᠨ ᠪᠤᠯ ᠬᠦᠢᠳᠡᠨ ᠤᠰᠤ ᠪᠠᠷ ᠬᠠᠯᠠᠭᠤᠨ ᠢ ᠪᠠᠭᠤᠷᠠᠭᠤᠯᠤᠭᠰᠠᠨ ᠤ ᠲᠠᠷᠠᠭ᠎ᠠ ᠠᠭᠠᠵᠢᠮ ᠢᠶᠠᠷ ᠰᠠᠯᠭᠠᠨ᠎ᠠ᠃    ● ᠬᠠᠯᠠᠭᠠᠭᠰᠠᠨ ᠰᠢᠷᠬ᠎ᠠ ᠪᠤᠶᠤ ᠰᠢᠳᠠᠭᠳᠠᠭᠰᠠᠨ ᠰᠢᠷᠬ᠎ᠠ ᠨᠢ ᠨᠡᠯᠢᠶᠡᠳ ᠬᠦᠨᠳᠦ ᠦᠶᠡᠰ᠂ ᠲᠦᠷᠬᠢᠬᠦ ᠡᠮ ᠪᠤᠶᠤ ᠰᠢᠳᠤ ᠤᠬᠢᠶᠠᠬᠤ ᠨᠤᠨᠳᠠᠭ ᠬᠡᠷᠡᠭᠯᠡᠵᠤ ᠪᠤᠯᠬᠤ ᠦᠬᠡᠢ᠂ ᠤᠰᠤᠨ ᠴᠦᠪᠦᠷᠢᠬᠦᠦ ᠶᠢ ᠲᠤᠷ᠎ᠠ ᠪᠠᠷ ᠬᠠᠭᠠᠯᠵᠤ ᠪᠤᠯᠬᠤ ᠦᠬᠡᠢ᠂ ᠴᠡᠪᠡᠷᠬᠡᠨ ᠪᠦᠰ ᠢᠶᠠᠷ ᠰᠢᠷᠬ᠎ᠠ ᠶᠢ ᠪᠦᠳᠡᠬᠡᠵᠤ ᠲᠠᠷᠤᠶᠢᠬᠠᠨ ᠡᠮᠨᠡᠯᠬᠡ ᠳᠤ ᠬᠦᠷᠬᠡᠵᠤ ᠡᠮᠴᠢᠯᠡᠬᠦᠯᠦᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ