ᠤᠰᠤᠨ ᠳᠤ ᠴᠡᠴᠡᠬᠤ
ᠨᠡᠶᠢᠲᠡᠯᠡᠭᠰᠡᠨ ᠴᠠᠭ᠄
2022/9/29
      ᠤᠰᠤᠨ ᠳᠤ ᠴᠡᠴᠡᠬᠤ ᠬᠡᠳᠡᠭ ᠤᠰᠤᠨ ᠳᠤ ᠵᠢᠪᠪᠦᠭᠰᠠᠨ ᠬᠦᠮᠦᠨ ᠤ ᠠᠮᠢᠰᠬᠤᠯ ᠤᠨ ᠵᠠᠮ ᠳᠤ ᠤᠰᠤ ᠰᠢᠪᠠᠷ᠂ ᠡᠪᠡᠰᠦ ᠵᠡᠷᠬᠡ ᠰᠤᠷᠤᠭᠳᠠᠨ ᠤᠷᠤᠵᠤ ᠠᠮᠢᠰᠬᠤᠯ ᠢ ᠪᠦᠭᠯᠡᠷᠡᠬᠦᠯᠵᠤ ᠬᠦᠴᠢᠯᠳᠦ᠋ᠷᠦᠭᠴᠢ ᠲᠤᠳᠠᠭᠳᠠᠬᠤ ᠶᠢ ᠵᠢᠭᠠᠨ᠎ᠠ᠃      ᠠᠷᠭᠠᠴᠠᠭᠠᠬᠤ ᠭᠤᠤᠯᠳᠠᠯᠭ᠎ᠠ      ●120 ᠪᠠᠴᠢᠮ ᠠᠪᠤᠷᠠᠯᠳᠠ ᠳᠤ ᠤᠳᠠᠰᠤᠳᠠᠨ᠎ᠠ᠃      ● ᠤᠰᠤᠨ ᠳᠤ ᠴᠡᠴᠡᠭ᠌ᠰᠠᠨ ᠬᠦᠮᠦᠨ ᠢ ᠲᠠᠷᠤᠶᠢᠬᠠᠨ ᠤᠰᠤᠨ ᠠᠴᠠ ᠠᠪᠤᠷᠠᠵᠤ ᠭᠠᠷᠭᠠᠭᠰᠠᠨ ᠤ ᠲᠠᠷᠠᠭ᠎ᠠ ᠭᠠᠵᠠᠷ ᠲᠡᠬᠡᠷ᠎ᠠ ᠲᠡᠭᠰᠢᠬᠡᠨ ᠬᠡᠪᠳᠡᠬᠦᠯᠵᠤ᠂ ᠠᠮᠠ ᠬᠠᠮᠠᠷ ᠲᠤ ᠤᠷᠤᠭᠰᠠᠨ ᠪᠤᠳᠠᠰ ᠤᠳ ᠢ ᠠᠷᠢᠯᠭᠠᠨ ᠭᠠᠷᠭᠠᠵᠤ᠂ ᠠᠮᠢᠰᠬᠤᠯ ᠤᠨ ᠵᠠᠮ ᠢ ᠨᠢ ᠰᠢᠯᠤᠭᠤᠳᠬᠠᠨ᠎ᠠ᠃      ● ᠤᠬᠠᠭᠠᠨ ᠮᠡᠳᠡᠷᠡᠯ ᠢᠶᠠᠨ ᠠᠯᠳᠠᠭᠰᠠᠨ ᠪᠠᠶᠢᠪᠠᠯ ᠬᠠᠵᠠᠭᠤ ᠲᠠᠶᠢᠰᠢ ᠬᠠᠨᠳᠤᠭᠤᠯᠤᠨ ᠬᠡᠪᠳᠡᠬᠦᠯᠬᠦ ᠶᠢᠨ ᠬᠠᠮᠳᠤ ᠪᠡᠶ᠎ᠠ ᠶᠢᠨ ᠲᠤᠯᠠᠭᠠᠨ ᠢ ᠨᠢ ᠬᠠᠮᠠᠭᠠᠯᠠᠨ᠎ᠠ᠃ ᠠᠮᠢᠰᠬᠤᠯ ᠪᠠ ᠵᠢᠷᠦᠬᠡᠨ ᠴᠤᠬᠢᠯᠭ᠎ᠠ ᠵᠤᠭᠰᠤᠭᠰᠠᠨ ᠬᠦᠮᠦᠨ ᠳᠤ ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ ᠠᠪᠤᠷᠠᠯᠳᠠ ᠬᠢᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ