ᠠᠷᠢᠶᠠᠳᠠᠨ ᠤ ᠲᠠᠭᠠᠷᠢᠯᠳᠠ ᠳᠤ ᠤᠴᠠᠷᠠᠠᠬᠤ
ᠨᠡᠶᠢᠲᠡᠯᠡᠭᠰᠡᠨ ᠴᠠᠭ᠄
2022/9/29
      ᠠᠷᠢᠶᠠᠳᠠᠨ ᠤ ᠲᠠᠭᠠᠷᠢᠯᠳᠠ ᠳᠤ ᠤᠴᠠᠷᠠᠠᠬᠤ ᠬᠡᠳᠡᠭ ᠨᠢ ᠦᠨᠳᠦᠷ ᠠᠭᠤᠯᠠ᠂ ᠢᠭ᠌ᠴᠢ ᠤᠢ᠂ ᠬᠦᠮᠦᠨ ᠬᠠᠷ᠎ᠠ ᠴᠦᠬᠡᠨ ᠭᠠᠵᠠᠷ ᠲᠤ ᠪᠠᠭᠠᠪᠠᠭᠠᠢ᠂ ᠬᠡᠬᠡᠷ᠎ᠠ ᠎ ᠶᠢᠨ ᠭᠠᠭ᠋ᠠᠢ᠂ ᠬᠡᠬᠡᠷ᠎ᠠ ᠶᠢᠨ ᠵᠠᠭᠠᠨ᠎ᠠ ᠮᠡᠳᠦ ᠮᠤᠨᠳᠠᠭ ᠪᠡᠶ᠎ᠠ ᠲᠠᠢ ᠠᠮᠢᠳᠠᠨ ᠤ ᠲᠠᠭᠠᠷᠢᠯᠳᠠ ᠳᠤ ᠤᠴᠠᠷᠠᠬᠤ ᠶᠢ ᠵᠢᠭᠠᠨ᠎ᠠ᠃     ᠠᠷᠭᠠᠴᠠᠭᠠᠬᠤ ᠠᠷᠭ᠎ᠠ    ● ᠠᠷᠢᠶᠠᠳᠠᠨ ᠤ ᠲᠠᠭᠠᠷᠢᠯᠳᠠ ᠳᠤ ᠤᠴᠠᠷᠠᠬᠤ ᠦᠶᠡᠰ ᠪᠡᠶ᠎ᠠ ᠪᠠᠨ ᠲᠤᠭᠳᠠᠭᠤᠨ ᠪᠠᠶᠢᠯᠭᠠᠵᠤ᠂ ᠲᠤᠷ᠎ᠠ ᠪᠠᠷ ᠬᠦᠳᠡᠯᠬᠦ ᠦᠬᠡᠢ᠂ ᠰᠡᠳᠦᠯᠳᠠ ᠦᠭᠬᠦ ᠦᠬᠡᠢ᠂ ᠠᠭᠠᠵᠢᠮ ᠢᠶᠠᠷ ᠤᠬᠤᠷᠢᠨ᠎ᠠ᠃    ●ᠠᠷᠢᠶᠠᠳᠠᠨ ᠲᠠᠭᠠᠷᠢᠨ ᠢᠷᠡᠬᠦ ᠦᠶᠡᠰ ᠠᠷᠭ᠎ᠠ ᠰᠦᠪᠡᠭᠴᠢᠯᠡᠨ ᠠᠷᠢᠶᠠᠳᠠᠨ ᠤ ᠨᠢᠳᠦ᠂ ᠬᠠᠮᠠᠷ᠂ ᠬᠦᠵᠦᠬᠦᠦ᠂ ᠵᠢᠷᠦᠬᠡ᠂ ᠬᠤᠭᠤᠯᠠᠢ ᠵᠡᠷᠬᠡ ᠶᠢ ᠨᠢ ᠤᠨᠤᠭᠠᠵᠤ ᠴᠤᠬᠢᠨ᠎ᠠ᠃    ●ᠲᠡᠷᠬᠡ ᠵᠢᠯᠤᠭᠤᠳᠴᠤ ᠪᠠᠶᠢᠬᠤ ᠳᠤ ᠪᠠᠨ ᠠᠷᠢᠶᠠᠳᠠᠨ ᠲᠠᠢ ᠲᠠᠭᠠᠷᠠᠯᠳᠤᠪᠠᠯ ᠲᠡᠷᠬᠡᠨ ᠤ ᠴᠤᠩᠬᠤ ᠡᠬᠦᠳᠠ ᠪᠠᠨ ᠴᠢᠩᠭ᠎ᠠ ᠪᠢᠳᠡᠬᠦᠮᠵᠢᠯᠡᠵᠤ᠂ ᠠᠷᠢᠶᠠᠳᠠᠨ ᠵᠠᠮ ᠤᠭᠳᠤᠯᠵᠤ ᠭᠠᠷᠤᠭᠰᠠᠨ ᠤ ᠲᠠᠷᠠᠭ᠎ᠠ ᠬᠤᠷᠳᠤᠬᠠᠨ ᠵᠠᠶᠢᠯᠠᠵᠤ ᠶᠠᠪᠤᠨ᠎ᠠ᠃ ᠬᠡᠷᠪᠡ ᠠᠰ ᠡᠮᠦᠨ᠎ᠠ ᠨᠢ ᠬᠦᠷᠴᠦ ᠢᠷᠡᠭᠰᠡᠨ ᠪᠤᠯ ᠬᠦᠳᠡᠯᠵᠤ ᠪᠤᠯᠬᠤ ᠦᠬᠡᠢ᠂ ᠲᠠᠭᠤ ᠭᠠᠷᠭᠠᠬᠤ ᠦᠬᠡᠢ ᠪᠠᠶᠢᠬᠤ ᠬᠡᠷᠡᠭᠳᠠᠢ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ