| | | | ᠪᠠᠭᠠᠷᠢᠨ ᠪᠠᠷᠠᠭᠤᠨ ᠬᠤᠰᠢᠭᠤᠨ ᠤ ᠴᠠᠭᠠᠨᠨᠠᠭᠤᠷ ᠪᠠᠯᠭᠠᠰᠤ ᠬᠡᠮᠡᠬᠦ ᠠᠯᠳᠡᠷ ᠲᠠᠢ ᠴᠣᠣ ᠲᠠᠢ ᠨᠤᠳᠤᠭ ᠤᠨ ᠪᠠᠷᠠᠭᠤᠨ ᠬᠤᠶᠢᠨ᠎ᠠ ᠪᠠᠶ᠎ᠠ ᠳᠤ ᠲᠤᠯᠭ᠎ᠠ | ᠭᠠᠴᠠᠭᠠᠨ ᠤ ᠰᠢᠪᠡᠭᠡᠨ ᠪᠤᠯᠤᠩ ᠤᠨ ᠠᠶᠢᠯ ᠬᠡᠵᠦ ᠠᠷᠣ ᠪᠠᠷ ᠢᠶᠠᠨ ᠲᠤᠯᠭ᠎ᠠ ᠠᠭᠤᠯᠠ ᠪᠠᠷ ᠲᠦᠰᠢᠯᠬᠡ ᠪᠤᠯᠭᠠᠨ᠂ ᠪᠠᠷᠠᠭᠤᠨ ᠲᠠᠯ᠎ᠠ ᠪᠠᠷ ᠢᠶᠠᠨ ᠴᠠᠭᠠᠨᠮᠥ᠋ᠷᠡᠨ ᠤ | ᠣᠷᠣᠰᠬᠠᠯ ᠢᠶᠠᠷ ᠣᠮᠳᠠ ᠪᠤᠯᠭᠠᠬᠰᠠᠨ ᠡᠭᠡᠯ ᠨᠠᠮᠠᠬᠠᠨ ᠨᠤᠳᠤᠭ ᠪᠠᠶᠢᠳᠠᠭ᠃ ᠡᠨᠡ ᠨᠤᠳᠤᠭ ᠲᠤ ᠠᠷᠢᠭᠤᠨ ᠬᠦᠳᠡᠯᠮᠤᠷᠢ ᠪᠠᠷ ᠢᠶᠠᠨ ᠨᠤᠳᠤᠭ ᠣᠰᠤ ᠪᠠᠨ ᠪᠦᠳᠦᠭᠡᠨ | ᠪᠠᠶᠢᠭᠤᠯᠵᠦ᠂ ᠠᠮᠢᠳᠣᠷᠠᠯ ᠣᠶᠢᠯᠡᠰ ᠢᠶᠠᠨ ᠴᠣᠬᠴᠠᠯᠠᠵᠦ ᠢᠷᠡᠭᠰᠡᠨ ᠮᠠᠰᠢ ᠣᠯᠠᠨ ᠡᠭᠡᠯ ᠬᠦᠮᠤᠰ ᠤᠨ ᠳᠣᠳᠣᠷ᠎ᠠ ᠠᠴᠠ ᠬᠦᠳᠡᠯᠮᠦᠷᠢᠴᠢ ᠣᠬᠠᠭᠠᠨ ᠢᠶᠠᠷ ᠢᠶᠠᠨ | ᠲᠠᠨᠢᠬᠳᠠᠬᠰᠠᠨ ᠭᠡᠰᠢᠭᠨᠡᠮᠡᠬᠦ ᠨᠠᠰᠣᠳᠡᠨ ᠬᠢᠬᠡᠳ ᠲᠡᠬᠦᠨ ᠤ ᠬᠠᠨᠢ ᠨᠦᠬᠦᠷ ᠰᠧᠷᠢᠮᠡ ᠬᠤᠶᠠᠷ ᠤᠨ ᠠᠮᠢᠳᠣᠷᠠᠯ ᠳᠤ ᠬᠠᠨᠳᠣᠬᠰᠠᠨ ᠠᠵᠢᠯᠵᠢ ᠪᠤᠷᠤᠬᠵᠢᠭᠤᠨ ᠰᠡᠳᠬᠢᠯᠬᠡ | ᠠᠴᠠ ᠠᠮᠢᠳᠣᠷᠠᠯ ᠤᠨ ᠦᠨᠡᠨ ᠪᠤᠳᠡᠳᠡᠢ ᠦᠯᠢᠬᠡᠷ ᠤᠨ ᠬᠠᠭᠤᠳᠠᠰᠣ ᠲᠠᠯᠬᠡᠭᠳᠡᠨᠡ᠃ | | | | | | | | | | | ᠴᠠᠭᠠᠨᠨᠠᠭᠤᠷ ᠪᠠᠯᠭᠠᠰᠣ ᠶᠢᠨ ᠲᠤᠯᠭ᠎ᠠ ᠭᠠᠴᠠᠭᠠᠨ ᠤ ᠠᠬᠠᠮᠠᠳ ᠨᠠᠮ ᠤᠨ ᠡᠬᠦᠷ ᠤᠨ ᠱᠦᠵᠢ᠂ ᠨᠤᠳᠤᠭ ᠤᠨ ᠪᠤᠭᠤᠷᠣᠯ ᠭᠡᠰᠢᠭᠨᠡᠮᠡᠬᠦ ᠨᠠᠰᠣᠳᠡᠨ ᠮᠠᠨᠢ ᠡᠨᠡ | ᠵᠢᠯ ᠨᠠᠶᠠᠨ ᠨᠢᠭᠡᠨ ᠨᠠᠰᠣᠳᠡᠢ᠃ ᠲᠡᠷᠡᠪᠡᠷ ᠬᠡᠳᠦᠶᠢᠪᠡᠷ ᠪᠤᠭᠤᠷᠣᠯ ᠨᠠᠰᠣᠳᠡᠨ ᠪᠤᠯᠴᠢᠬᠠᠬᠰᠠᠨ ᠪᠤᠯᠪᠠᠴᠦ ᠠᠬᠠᠮᠠᠳ ᠨᠠᠮ ᠤᠨ ᠬᠡᠰᠢᠬᠦᠨ ᠤ ᠪᠠᠷᠢᠮᠵᠢᠶ᠎ᠠ ᠪᠠᠷ ᠦᠪᠡᠷ ᠢ | ᠪᠠᠨ ᠴᠢᠩᠭ᠎ᠠ ᠱᠠᠭᠠᠷᠳᠠᠵᠤ᠂ 80 ᠤ ᠲᠠᠪᠠᠭ᠎ᠠ ᠶᠢ ᠲᠠᠪᠠᠭᠰᠡᠨ ᠪᠤᠯᠪᠠᠴᠤ ᠬᠦᠭᠰᠢᠨ ᠲᠠᠢ ᠪᠠᠨ ᠬᠤᠶᠠᠭᠤᠯᠡ ᠲᠠᠷᠢᠶ᠎ᠠ ᠮᠤᠳᠤ ᠪᠠᠨ ᠲᠠᠷᠢᠵᠤ᠂ ᠲᠠᠪᠠᠳᠠᠢ ᠰᠠᠶᠢᠬᠠᠨ | ᠠᠮᠢᠳᠤᠷᠠᠵᠤ ᠪᠤᠢ᠃ ᠲᠡᠶᠢᠮᠤ ᠮᠦᠷᠳᠡᠬᠡᠨ ᠤᠨᠤᠯ ᠰᠤᠷᠤᠯᠴᠠᠯᠭ᠎ᠠ ᠪᠠᠨ ᠶᠡᠷᠤ ᠰᠤᠯᠯᠠᠭᠠ ᠦᠬᠡᠢ᠂ ᠡᠳᠤᠷᠵᠢᠨ ᠷᠠᠳᠢᠤ᠋ ᠪᠠᠨ ᠰᠤᠨᠤᠰᠴᠤ᠂ ᠣᠳᠣ ᠪᠤᠯᠳᠠᠯ᠎ᠠ | ᠰᠦᠯᠵᠢᠶᠡᠨ ᠲᠡᠭᠡᠷᠡᠬᠢ ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠭᠡᠭᠵᠢᠬᠦᠯᠬᠦᠢ︾ ᠨᠠᠮ ᠤᠨ ᠰᠣᠷᠣᠯᠴᠠᠯᠭ᠎ᠠ ᠶᠢ ᠠᠯᠳᠡᠯ ᠦᠬᠡᠢ ᠪᠡᠶᠡᠯᠡᠬᠦᠯᠵᠦ ᠶᠠᠪᠤᠭ᠎ᠠ ᠨᠢ | ᠪᠢᠰᠢᠷᠡᠬᠦᠰᠢᠳᠡᠢ᠃ | | | | | | | | ᠲᠡᠬᠦᠨ ᠤ ᠬᠠᠨᠢ ᠨᠦᠬᠦᠷ ᠰᠧᠷᠢᠮᠡ ᠨᠠᠰᠣᠳᠡᠨ ᠡᠨᠡ ᠵᠢᠯ ᠲᠠᠯᠠᠨ ᠬᠤᠶᠠᠷᠳᠡᠢ᠃ ᠨᠠᠷᠠ ᠰᠠᠯᠬᠢ ᠡᠯᠡᠰᠣ ᠭᠤᠷᠪᠠ ᠪᠠᠷ ᠦᠨᠦᠰᠦᠬᠦᠯᠵᠦ᠂ ᠬᠦᠯᠥᠰᠣᠨ | ᠲᠤᠰᠣᠯ ᠢᠶᠠᠨ ᠬᠦᠷᠦᠰᠣᠨ ᠳᠤ ᠰᠢᠩᠭᠡᠭᠡᠵᠦ ᠶᠠᠪᠤᠬᠰᠠᠨ ᠬᠤᠶᠠᠷ ᠨᠠᠰᠣᠳᠡᠨ ᠤ ᠲᠤᠬᠠᠢ ᠰᠣᠷᠪᠤᠯᠵᠢᠯᠠᠬᠤ ᠳᠤ ᠦᠨᠡᠭᠡᠷ ᠴᠤ ᠣᠯᠠᠨ ᠶᠠᠭᠤᠮ᠎ᠠ ᠶᠢ ᠰᠠᠨᠠᠬᠳᠠᠭᠤᠯᠤᠨ᠎ᠠ᠃ | ᠦᠨᠤᠳᠣᠷ ᠪᠤᠯᠬᠤ ᠳᠤ ᠬᠤᠶᠠᠷ ᠨᠠᠰᠣᠳᠡᠨ ᠮᠠᠨᠢ ᠬᠤᠳᠠ ᠶᠢᠨ ᠠᠰᠡᠷ ᠲᠡᠭᠡᠷ᠎ᠡ ᠪᠠᠨ ᠨᠠᠰᠣᠳᠡᠢ ᠬᠦᠮᠣᠨ ᠤ ᠡᠭᠡᠯ ᠪᠤᠷᠣᠬᠵᠢᠭᠤᠨ ᠡᠳᠣᠷ ᠬᠤᠨᠤᠭ ᠢ ᠦᠩᠭᠡᠷᠡᠬᠦᠯᠵᠦ | ᠪᠣᠯᠬᠤ ᠠᠳᠠᠯ᠎ᠠ ᠲᠡᠭᠡᠭᠰᠡᠨ ᠦᠬᠡᠢ ᠬᠠᠷᠢᠨ ᠬᠦᠳᠡᠭᠡ ᠭᠡᠷ ᠲᠤ ᠪᠠᠨ ᠠᠵᠦ ᠲᠦᠷᠦᠵᠦ᠂ ᠠᠮᠠᠷᠠᠬᠤ ᠶᠢ ᠮᠡᠳᠡᠬᠦ ᠦᠬᠡᠢ ᠠᠮᠢᠳᠣᠷᠠᠯ ᠡᠬᠦᠷᠦᠭᠰᠡᠨ ᠠᠶᠠᠯᠠᠯ ᠢᠶᠠᠨ | ᠢᠳᠡᠭᠡᠯ ᠲᠦᠬᠦᠷᠡᠩ ᠦᠷᠬᠦᠯᠵᠢᠯᠡᠬᠦᠯᠵᠦ ᠪᠠᠶᠢᠬᠤ ᠨᠢ ᠦᠳᠡᠯᠥᠬᠡ ᠨᠠᠰᠣᠨ ᠤ ᠦᠩᠭᠡ ᠬᠢᠯᠪᠠᠭ᠎ᠠ ᠭᠡᠮᠡᠨ ᠬᠡᠯᠡᠬᠦ ᠶᠢᠨ ᠣᠷᠣᠨ ᠳᠤ ᠦᠪᠡᠷ ᠤᠨ ᠠᠮᠢᠳᠣᠷᠠᠯ ᠢᠶᠠᠨ | ᠦᠪᠡᠷ ᠢᠶᠠᠨ ᠠᠷᠭᠠᠴᠠᠭᠠᠵᠦ᠂ ᠨᠡᠶᠢᠬᠡᠮ ᠨᠠᠶᠢᠳᠡ ᠳᠤ ᠲᠠᠷᠣᠭᠠᠰᠣ ᠪᠤᠯᠬᠤ ᠦᠬᠡᠢ᠂ ᠦᠷ᠎ᠡ ᠭᠡᠤᠭᠡᠳ ᠲᠤ ᠪᠠᠨ ᠲᠤᠰᠠ ᠪᠤᠯᠤᠶ᠎ᠠ ᠭᠡᠰᠡᠨ ᠠᠬᠠᠮᠠᠳ ᠨᠠᠮ ᠤᠨ | ᠬᠡᠰᠢᠬᠦᠨ ᠤ ᠠᠷᠢᠭᠤᠨ ᠰᠠᠨᠠᠭ᠎ᠠ ᠪᠤᠯᠬᠤ ᠶᠢ ᠳᠣᠳᠣᠷᠠᠭᠤᠯᠤᠬᠰᠠᠨ ᠵᠢᠱᠢᠶ᠎ᠡ ᠪᠢᠯᠡ᠃ | | | | | ᠦᠷ᠎ᠡ ᠭᠡᠤᠭᠡᠳ ᠢᠶᠠᠨ ᠭᠡᠰᠡᠨ ᠶᠡᠭᠡ ᠬᠠᠶᠢᠷ᠎ᠠ ᠨᠢ ᠨᠠᠰᠣ ᠶᠢ ᠲᠠᠭᠠᠵᠦ ᠦᠳᠡᠯᠬᠦ ᠦᠬᠡᠢ ᠲᠤᠯᠠ ᠨᠠᠶᠠ ᠭᠠᠷᠣᠬᠰᠠᠨ ᠴᠤ ᠨᠠᠷᠠᠨ ᠤ ᠲᠤᠤᠷ᠎ᠠ ᠬᠦᠯᠥᠰᠦ | ᠠᠰᠬᠠᠷᠠᠭᠤᠯᠤᠬᠰᠠᠭᠠᠷ ᠶᠠᠪᠤᠭ᠎ᠠ ᠬᠦᠮᠣᠨ ᠭᠡᠵᠦ ᠶᠠᠷᠣᠨᠢ ᠠᠮᠢᠳᠣᠷᠠᠯ ᠤᠨ ᠲᠡᠯᠡᠬᠡᠢ ᠳᠤ ᠠᠴᠢᠶ᠎ᠠ ᠡᠬᠦᠷᠭᠡᠯᠡᠬᠦ ᠳᠤ ᠪᠠᠨ ᠲᠡᠬᠦᠨ ᠤ ᠴᠠᠭᠠᠨ᠎ᠠ ᠣᠷᠣᠰᠢᠬᠤ ᠰᠡᠳᠬᠢᠯ ᠤᠨ | ᠲᠠᠮᠢᠷ ᠲᠡᠩᠭᠡᠭᠡ ᠯᠡ ᠣᠷᠣᠬᠰᠢ ᠵᠢᠳᠬᠦᠬᠦᠯᠳᠡᠭ᠃ ᠠᠪᠤ ᠡᠵᠢ ᠶᠢᠨ ᠲᠤᠬᠠᠢ ᠲᠠᠭᠤᠤ ᠰᠢᠯᠥᠭ ᠢ ᠬᠡᠴᠢᠨᠡᠨ ᠣᠯᠠᠨ ᠬᠦᠮᠦᠨ ᠣᠶᠠᠩᠭᠠᠯᠠᠨ ᠲᠠᠭᠤᠯᠠᠬᠰᠠᠨ ᠪᠤᠯᠪᠠᠴᠦ | ᠠᠴᠢ ᠶᠢ ᠨᠢ ᠬᠠᠷᠢᠭᠤᠯᠠᠵᠦ ᠴᠢᠳᠠᠬᠰᠠᠨ ᠬᠦᠮᠣᠨ ᠬᠡᠳᠤ ᠯᠡ ᠪᠠᠶᠢᠬᠤ ᠪᠤᠢ᠃ ᠶᠡᠷᠣ ᠨᠢ ᠬᠠᠳᠠᠭᠤ ᠬᠦᠳᠡᠬᠦᠦ ᠣᠷᠴᠢᠨ ᠬᠦᠮᠣᠨ ᠢ ᠬᠦᠮᠦᠵᠢᠬᠦᠯᠵᠦ᠂ ᠬᠦᠨᠳᠦ | ᠬᠦᠳᠡᠯᠮᠤᠷᠢ ᠪᠠᠷ ᠬᠦᠴᠢᠷ ᠢ ᠲᠤᠭᠤᠯᠬᠤ ᠳᠤ ᠰᠦᠰᠦ ᠵᠤᠷᠢᠭ ᠯᠡ ᠭᠡᠷᠡᠭᠳᠡᠢ᠃ ᠬᠤᠶᠠᠷ ᠨᠠᠰᠣᠳᠡᠨ ᠮᠠᠨᠢ ᠨᠠᠰᠣ ᠠᠬᠢᠬᠤ ᠶᠢ ᠲᠠᠭᠠᠯᠳᠣᠨ ᠪᠠᠶ᠎ᠠ ᠨᠢ ᠡᠪᠡᠳᠴᠢᠨ | ᠬᠠᠭᠤᠴᠢᠨ ᠲᠠᠢ ᠪᠤᠯᠤᠬᠰᠠᠨ ᠴᠤ ᠡᠪᠡᠳᠴᠢᠨ ᠢ ᠡᠮ ᠢᠶᠠᠷ ᠪᠢᠰᠢ ᠠᠵᠢᠯ ᠬᠦᠳᠡᠯᠮᠤᠷᠢ ᠪᠠᠷ ᠲᠤᠭᠤᠯᠵᠦ ᠢᠷᠡᠭᠰᠡᠨ ᠦᠩᠬᠡᠷᠡᠬᠦᠯᠦᠯᠳᠡ ᠨᠢ ᠵᠠᠯᠠᠭᠤ ᠦᠶ᠎ᠡ ᠶᠢᠨ ᠬᠢᠨ | ᠤ ᠠᠮᠢᠳᠣᠷᠠᠯ ᠳᠤ ᠬᠠᠨᠳᠣᠬᠤ ᠲᠠᠭᠤᠷᠢᠶᠠᠯ ᠮᠦᠨ᠃ ︵ ᠴᠢᠮᠡᠬᠡᠯᠡᠭᠴᠢ ᠭᠠᠩᠪᠠᠭᠠᠳᠣᠷ ᠮᠡᠳᠡᠭᠡᠯᠡᠪᠡ︶ | | | | |