ᠡᠮᠨᠡᠯᠬᠡ ᠳᠤ ᠰᠠᠭᠤᠭ᠎ᠠ ᠡᠷᠳᠡᠨᠢᠪᠠᠭᠠᠳᠣᠷ ᠦᠨᠡᠬᠡᠷ ᠰᠡᠳᠬᠢᠯ ᠳᠣᠬᠳᠣᠯᠵᠠᠢ
ᠨᠡᠶᠢᠲᠡᠯᠡᠭᠰᠡᠨ ᠴᠠᠭ᠄
2023/12/11
          ᠴᠠᠰᠣᠨ ᠤ ᠲᠠᠷᠠᠭᠠᠬᠢ ᠪᠠᠭᠠᠷᠢᠨ ᠨᠤᠳᠤᠭ ᠤᠨ ᠦᠷᠯᠥᠬᠡ ᠶᠢᠨ ᠨᠠᠷᠠ ᠴᠠᠭᠠᠨ ᠮᠦᠩᠬᠦᠨ ᠶᠢᠷᠳᠢᠨᠴᠦ ᠶᠢ ᠵᠢᠷᠣᠬᠯᠠᠵᠦ᠂ ᠡᠪᠤᠯ ᠤᠨ ᠡᠬᠢᠨ ᠤ ᠰᠢᠨ᠎ᠡ  ᠨᠢᠬᠡᠨ ᠡᠳᠣᠷ ᠢ ᠣᠬᠳᠣᠨ ᠠᠪᠴᠢᠷᠠᠯ᠎ᠠ᠃ ᠣᠯᠡᠨ ᠪᠦᠬᠦᠳᠡᠭᠡᠷ ᠶᠠᠭᠠᠷᠠᠯᠳᠣᠬᠰᠠᠨ  ᠡᠨᠡᠬᠦ ᠮᠦᠴᠡ ᠳᠤ ᠪᠠᠭᠠᠷᠢᠨ ᠪᠠᠷᠠᠭᠤᠨ ᠬᠤᠰᠢᠭᠤᠨ ᠤ ᠮᠤᠩᠭᠤᠯ ᠡᠮ ᠡᠮᠨᠡᠯᠬᠡ ᠎ ᠶᠢᠨ ᠬᠤᠷᠢᠶ᠎ᠡ ᠶᠢᠨ ᠶᠠᠰᠣᠨ ᠤ ᠭᠠᠳᠡᠷ ᠰᠠᠯᠠᠭᠠᠨ ᠳᠤ ᠮᠡᠰᠡ ᠵᠠᠰᠡᠯ ᠤᠨ ᠰᠣᠪᠢᠯᠠᠯᠳᠡ ᠬᠢᠵᠦ ᠪᠠᠶᠢᠭ᠎ᠠ ᠡᠷᠳᠡᠨᠢᠪᠠᠭᠠᠳᠣᠷ ᠪᠠᠭᠰᠢ ᠴᠤ ᠪᠠᠶᠠᠷᠯᠠᠨ ᠲᠠᠯᠠᠷᠬᠠᠬᠤ ᠰᠡᠳᠬᠢᠯᠬᠡ ᠪᠠᠨ ᠲᠠᠷᠣᠵᠦ ᠶᠡᠳᠡᠨ᠂ ᠣᠪᠤᠯᠵᠠᠬᠰᠠᠨ ᠰᠡᠳᠬᠢᠯᠬᠡ ᠶᠢᠨ ᠡᠷᠬᠡᠨ ᠳᠤ ᠣᠷᠣᠨ ᠳᠤ ᠪᠠᠨ ᠲᠤᠬᠳᠡᠨ ᠶᠠᠳᠡᠨ ᠪᠠᠶᠢᠨ ᠪᠠᠶᠢᠨ ᠡᠮᠨᠡᠯᠬᠡ ᠶᠢᠨ ᠴᠣᠩᠬᠤ ᠪᠠᠷ  ᠭᠠᠳᠠᠬᠰᠢ ᠠᠵᠢᠬᠯᠠᠵᠦ ᠰᠠᠭᠤᠨ᠎ᠠ᠃        ᠲᠡᠷᠡᠪᠡᠷ ︽ᠰᠢᠨ᠎ᠡ ᠡᠷᠢᠨ ᠤ ᠰᠢᠯᠭᠠᠷᠠᠬᠰᠠᠨ ᠡᠮᠴᠢᠯᠡᠭᠡ ᠲᠠᠢ ᠪᠠᠭᠠᠷᠢᠨ ᠪᠠᠷᠠᠭᠤᠨ ᠬᠤᠰᠢᠭᠤᠨ ᠤ ᠮᠤᠩᠭᠤᠯ ᠡᠮᠨᠯᠬᠡ ᠶᠢᠨ ᠬᠤᠷᠢᠶ᠎ᠡ ᠶᠢᠨ ᠶᠠᠰᠣᠨ ᠤ ᠭᠠᠳᠡᠷ ᠰᠠᠯᠠᠭ᠎ᠠ ᠶᠢᠨ ᠲᠤᠯᠭᠠᠭᠤᠷᠢ ᠡᠮᠴᠢ ᠲᠦᠷᠦᠬᠦᠳᠡᠢ ᠪᠦᠬᠦ ᠡᠮᠴᠢ ᠂ ᠰᠣᠪᠢᠯᠠᠬᠴᠢ  ᠨᠠᠷ ᠵᠢᠴᠢ᠂ ᠮᠢᠨᠴᠦᠷᠡᠬᠦᠯᠬᠦ ᠲᠠᠰᠤᠭ ᠤᠨ ᠬᠢᠨ ᠦᠨᠡᠬᠡᠷ ᠰᠢᠨ᠎ᠠ ᠴᠠᠭ ᠦᠶ᠎ᠡ ᠎ ᠶᠢᠨ  ᠵᠠᠯᠠᠭᠤᠴᠣᠳ ᠤᠨ ᠲᠦᠷᠢ ᠲᠦᠷᠬᠦ ᠶᠢ ᠳᠣᠳᠣᠷᠠᠭᠤᠯᠵᠦ ᠪᠠᠶᠢᠨ᠎ᠠ︾ ᠬᠡᠵᠦ ᠲᠡᠮᠳᠡᠭᠯᠡᠯ ᠤᠨ ᠲᠡᠪᠳᠡᠷ ᠲᠤ ᠪᠠᠨ ᠪᠢᠴᠢᠭᠡᠳ ᠪᠠᠶᠢᠯ᠎ᠠ᠃ ᠲᠡᠬᠦᠨ ᠤ ᠡᠨᠡᠬᠦ ᠪᠠᠶᠠᠷ ᠲᠤᠬᠳᠣᠯᠤᠯ ᠤᠨ ᠴᠠᠭᠠᠨ᠎ᠠ ᠶᠠᠷᠢᠶᠠᠨ ᠦᠬᠡᠢ ᠪᠠᠭᠠᠷᠢᠨ ᠪᠠᠷᠠᠭᠤᠨ ᠬᠤᠰᠢᠭᠤᠨ ᠤ ᠮᠤᠩᠭᠤᠯ ᠡᠮ ᠡᠮᠨᠡᠯᠬᠡ ᠶᠢᠨ ᠬᠤᠷᠢᠶ᠎ᠠ ᠶᠢᠨ ᠶᠠᠰᠣᠨ ᠤ ᠭᠠᠳᠡᠷ ᠰᠠᠯᠠᠭ᠎ᠠ ᠶᠢᠨ  ᠡᠮᠴᠢ ᠰᠣᠪᠢᠯᠠᠬᠴᠢᠳ ᠤᠨ ᠡᠷᠳᠡᠮ ᠣᠬᠠᠭᠠᠨ᠂ ᠬᠠᠯᠠᠭᠤᠨ ᠣᠶᠢᠯᠡᠴᠢᠯᠡᠭᠡ᠂ ᠬᠠᠶᠢᠷ᠎ᠠ ᠰᠡᠳᠬᠢᠯᠬᠡ ᠲᠠᠯᠳᠠᠯᠠᠬᠳᠠᠵᠦ  ᠪᠠᠶᠢᠬᠤ ᠪᠤᠯᠬᠤᠷ ᠳᠣᠬᠳᠣᠯᠤᠬᠰᠠᠨ ᠰᠡᠳᠬᠢᠯᠬᠡ ᠎ ᠪᠠᠨ ᠲᠠᠷᠣᠵᠦ ᠶᠠᠳᠠᠬᠰᠠᠨ ᠨᠢ ᠡᠨᠡ  ᠶᠤᠮ  ᠡ᠃       ᠠᠬᠠᠮᠠᠳ ᠪᠠᠭᠰᠢ ᠡᠷᠳᠡᠨᠢᠪᠠᠭᠠᠳᠣᠷ ᠲᠠᠢ ᠡᠭᠡᠭᠡ ᠠᠳᠠᠯᠢᠬᠠᠨ ᠶᠠᠰᠣ ᠭᠡᠮᠳᠦᠭᠰᠡᠨ ᠡᠪᠡᠳᠴᠢᠳᠡᠨ ᠮᠠᠨ ᠤ ᠡᠮᠨᠡᠯᠬᠡ ᠳᠤ ᠮᠡᠰᠡ ᠵᠠᠰᠡᠯ ᠬᠢᠯᠬᠡᠬᠡᠳ  ᠡᠪᠡᠳᠴᠦ᠂ ᠵᠤᠪᠠᠭ᠋ᠤ ᠪᠠᠶᠢᠳᠡᠯ ᠭᠠᠷᠬᠤ ᠦᠬᠡᠢ ᠮᠦᠷᠳᠡᠭᠡᠨ ᠡᠮᠴᠢ ᠰᠣᠪᠢᠯᠠᠬᠴᠢᠳ ᠤᠨ ᠬᠠᠯᠠᠭᠤᠨ ᠳᠣᠳᠣᠨᠤ ᠤᠪᠤᠷ ᠰᠣᠷᠳᠡᠯ ᠨᠢ ᠡᠪᠡᠳᠴᠢᠳᠡᠨ ᠤ ᠰᠡᠳᠬᠢᠯ ᠢ ᠲᠤᠯᠠᠭᠠᠴᠠᠭᠤᠯᠵᠦ ᠪᠠᠶᠢᠳᠠᠭ ᠠᠴᠠ  ᠰᠡᠳᠬᠢᠯᠬᠡ ᠶᠢᠨ ᠢᠯᠡᠷᠡᠯ ᠪᠠᠶᠢᠳᠡᠯ ᠎ ᠨᠢ ᠮᠠᠬᠠᠪᠤᠳ ᠤᠨ ᠡᠳᠡᠭᠡᠷᠡᠯᠳᠡ ᠳᠤ ᠰᠢᠭᠤᠳ ᠨᠦᠯᠥᠬᠡ ᠠᠪᠴᠢᠷᠠᠵᠦ᠂ ᠰᠠᠳᠣᠨ ᠲᠦᠷᠦᠯ ᠲᠠᠢ ᠪᠠᠨ ᠪᠠᠶᠢᠬᠤ ᠰᠢᠭ᠋ ᠰᠠᠨᠠᠭ᠎ᠠ ᠲᠠᠶᠢᠪᠤᠩ᠂  ᠰᠡᠳᠬᠢᠯ ᠠᠮᠤᠭᠤᠯᠠᠩ ᠣᠷᠴᠢᠨ ᠳᠤ ᠡᠪᠡᠳᠴᠢᠨ ᠢᠶᠠᠨ ᠦᠵᠡᠬᠦᠯᠵᠦ ᠪᠠᠶᠢᠬᠤ ᠶᠤᠮ ᠡ᠃ ᠮᠢᠨᠤ ᠪᠡᠶ᠎ᠡ ᠎ ᠪᠠᠷ ᠠᠪᠴᠦ ᠬᠡᠯᠡᠭᠰᠡᠨ ᠴᠤ  ᠬᠦᠬᠡᠬᠤᠳᠠ ᠬᠤᠳᠠ ᠳᠤ ᠬᠦᠷᠴᠦ᠂ ᠲᠡᠷᠢᠬᠦᠨ ᠤ ᠮᠡᠷᠭᠡᠵᠢᠯ ᠢ ᠪᠡᠶᠡᠴᠢᠯᠡᠨ ᠰᠣᠷᠣᠯᠴᠠᠵᠦ᠂ ᠣᠨᠤᠯ ᠣᠶᠢᠯᠡᠳᠦᠯᠬᠡ ᠶᠢ ᠣᠶᠠᠯᠳᠣᠭᠤᠯᠵᠦ ᠲᠤᠬᠠᠶᠢᠯᠠᠬᠰᠠᠨ ᠠᠵᠢᠯ ᠤᠨ ᠲᠠᠯ᠎ᠠ ᠪᠠᠷ  ᠠᠮᠵᠢᠯᠳᠠ ᠲᠠᠢ ᠶᠠᠪᠤᠵᠦ ᠪᠠᠶᠢᠨ᠎ᠠ ᠬᠡᠵᠦ ᠪᠠᠭᠠᠷᠢᠨ ᠪᠠᠷᠠᠭᠤᠨ ᠬᠤᠰᠢᠭᠤᠨ ᠤ ᠮᠤᠩᠭᠤᠯ ᠡᠮ ᠡᠮᠨᠡᠯᠬᠡ ᠎ ᠶᠢᠨ ᠬᠤᠷᠢᠶᠠᠨ ᠤ ᠶᠠᠰᠣᠨ ᠤ ᠭᠠᠳᠡᠷ ᠰᠠᠯᠠᠭᠠᠨ ᠤ ᠲᠡᠳ᠋ ᠡᠷᠬᠢᠯᠡᠭᠴᠢ ᠡᠮᠴᠢ ᠲᠤᠯᠭᠠᠭᠤᠷᠢ ᠰᠣᠷᠪᠤᠯᠵᠢᠯᠠᠬᠴᠢ ᠳᠤ ᠶᠠᠷᠢᠵᠦ ᠪᠢᠯᠡ᠃ ︵ᠴᠢᠮᠡᠭᠡᠯᠡᠭᠴᠢ ᠭᠠᠩᠪᠠᠭᠠᠳᠣᠷ ᠮᠡᠳᠡᠭᠡᠯᠡᠪᠡ︶  
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ