| | ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠤᠩᠭᠤᠯ ᠦᠨᠳᠦᠰᠦᠳᠡᠨ ᠤ ᠲᠤᠮᠳᠠᠳᠣ ᠰᠣᠷᠭᠠᠭᠤᠯᠢ ᠶᠢᠨ ᠬᠦᠷᠢᠶ᠎ᠡ ᠦᠨᠤᠳᠣᠷ ᠤᠨ ᠦᠳᠡ ᠶᠢᠨ ᠡᠮᠦᠨ᠎ᠡ | ᠬᠦᠷ ᠬᠦᠭᠵᠢᠶᠡᠨ ᠢᠶᠠᠷ ᠪᠢᠯᠬᠠᠵᠦ᠂ ᠪᠦᠬᠦ ᠰᠣᠷᠭᠠᠭᠤᠯᠢ ᠶᠢᠨ ᠪᠠᠭᠰᠢ ᠰᠣᠷᠣᠬᠴᠢᠳ ᠲᠤ ᠨᠢᠬᠡᠨ ᠨᠠᠰᠣᠳᠡᠨ᠄ ︽ᠡᠪᠦᠭᠡ ᠨᠢ ᠦᠨᠤᠳᠣᠷ ᠭᠡᠤᠭᠡᠳ ᠤᠳ ᠲᠤ ᠪᠠᠨ | ᠦᠪᠡᠷ ᠤᠨ ᠬᠢᠭᠰᠡᠨ ᠲᠦᠷᠪᠡᠨ ᠣᠳᠠᠰᠣᠳᠣ ᠬᠤᠭᠤᠷ ᠤᠨ ᠪᠡᠯᠡᠭ ᠲᠠᠢ ᠢᠷᠡᠯ᠎ᠡ︾ ᠬᠡᠵᠦ ᠬᠡᠯᠡᠬᠦ ᠳᠤ ᠰᠠᠶᠢᠬᠠᠨ ᠵᠠᠩ ᠲᠠᠢ ᠡᠪᠦᠭᠡ ᠶᠢᠨ ᠬᠢᠨᠢ ᠰᠠᠷᠠᠭᠤᠯ ᠣᠬᠠᠭᠠᠨ ᠤ | ᠬᠦᠨ ᠠᠴᠠ ᠠᠰᠬᠠᠷᠠᠬᠰᠠᠨ ᠰᠡᠳᠬᠢᠯ ᠤᠨ ᠬᠡᠯᠬᠢᠶ᠎ᠡ ᠨᠢ ᠪᠦᠬᠦᠳᠡ ᠶᠢᠨ ᠰᠡᠳᠬᠢᠯ ᠢ ᠲᠤᠬᠳᠣᠯᠤᠭᠤᠯᠵᠦ ᠪᠠᠶᠢᠯ᠎ᠠ᠃ | | | | | | | | | | | ᠪᠠᠭᠠᠷᠢᠨ ᠪᠠᠷᠠᠭᠤᠨ ᠬᠤᠰᠢᠭᠤᠨ ᠤ ᠲᠦᠷᠪᠡᠨ ᠣᠳᠠᠰᠣᠳᠣ ᠬᠤᠭᠤᠷ ᠤᠨ ᠨᠡᠶᠢᠬᠡᠮᠯᠢᠭ ᠤᠨ ᠨᠠᠷᠠ ᠬᠦᠨᠳᠣᠳᠣ ᠲᠡᠷᠢᠬᠦᠯᠡᠭᠴᠢ ᠦᠨᠡᠡᠪᠡᠶᠡᠷ ᠨᠠᠰᠣᠳᠡᠨ ᠠᠴᠠ | ᠳ᠋ᠠᠪᠠᠨ ᠤ ᠮᠤᠩᠭᠤᠯ ᠦᠨᠳᠦᠰᠦᠳᠡᠨ ᠤ ᠲᠤᠮᠳᠠᠳᠣ ᠰᠣᠷᠭᠠᠭᠤᠯᠢ ᠳᠤ ᠲᠦᠷᠪᠡᠨ ᠣᠳᠠᠰᠣᠳᠣ ᠬᠤᠭᠤᠷ ᠢᠶᠠᠨ ᠦᠨ᠎ᠡ ᠲᠦᠯᠥᠪᠤᠷᠢ ᠦᠬᠡᠢ ᠪᠠᠷ ᠪᠡᠯᠡᠭᠯᠡᠬᠦ ᠶᠤᠰᠣᠯᠠᠯ | ᠲᠡᠭᠡᠷ᠎ᠡ᠂ ᠪᠠᠭᠠᠷᠢᠨ ᠪᠠᠷᠠᠭᠤᠨ ᠬᠤᠰᠢᠭᠤᠨ ᠤ ᠰᠣᠶᠤᠯ ᠵᠢᠭᠤᠯᠴᠢᠯᠠᠯ ᠤᠨ ᠲᠤᠪᠴᠢᠶ᠎ᠠ᠂ ᠤᠩᠨᠢᠭᠤᠳ ᠬᠤᠰᠢᠭᠤᠨ ᠤ ᠲᠦᠷᠪᠡᠨ ᠤᠳᠠᠰᠣᠳᠣ ᠬᠤᠭᠤᠷ ᠤᠨ | ᠨᠡᠶᠢᠬᠡᠮᠯᠢᠭ ᠂ ᠪᠠᠭᠠᠷᠢᠨ ᠪᠠᠷᠠᠭᠤᠨ ᠬᠤᠰᠢᠭᠤᠨ ᠤ ᠲᠦᠷᠪᠡᠨ ᠤᠳᠠᠰᠣᠳᠣ ᠬᠤᠭᠤᠷ ᠤᠨ ᠨᠡᠶᠢᠬᠡᠮᠯᠢᠭ ᠵᠢᠴᠢ ᠰᠢᠶᠡᠩᠭᠠᠩ ᠳᠠᠬᠢ ᠲᠡᠯᠡᠬᠡᠢ ᠶᠢᠨ ︽ᠠᠯᠳᠡᠨ | ᠲᠤᠶᠢᠪᠠᠩ ᠴᠡᠴᠡᠭᠳᠦ ᠱᠠᠩᠨᠠᠯᠳᠦ︾ ᠣᠷᠣᠯᠳᠣᠭᠠᠨ ᠳᠤ ᠣᠷᠣᠯᠴᠠᠬᠤ ᠪᠠᠷ ᠪᠠᠶᠢᠭ᠎ᠠ ᠪᠠᠭᠠᠷᠢᠨ ᠪᠠᠷᠠᠭᠤᠨ ᠬᠤᠰᠢᠭᠤᠨ ᠤ ᠲᠦᠷᠪᠡᠨ ᠤᠳᠠᠰᠣᠳᠣ ᠬᠤᠭᠤᠷ ᠤᠨ | ᠣᠷᠠᠯᠢᠭ ᠤᠨ ᠪᠦᠯᠬᠦᠮ ᠤᠨ ᠬᠢᠨ ᠣᠷᠣᠯᠴᠠᠵᠦ᠂ ᠳ᠋ᠠᠪᠠᠨ ᠤ ᠮᠤᠩᠭᠤᠯ ᠦᠨᠳᠦᠰᠦᠳᠡᠨ ᠤ ᠲᠤᠮᠳᠠᠳᠣ ᠰᠣᠷᠭᠠᠭᠤᠯᠢ ᠶᠢᠨ ᠵᠠᠬᠢᠷᠣᠯ ᠵᠢᠴᠢ ᠲᠤᠰ ᠰᠣᠷᠭᠠᠭᠤᠯᠢ ᠶᠢᠨ | ᠬᠠᠮᠢᠶ᠎ᠠ ᠪᠦᠬᠦᠢ ᠬᠠᠷᠢᠭᠤᠴᠠᠯᠭᠠᠳᠡᠨ ᠨᠠᠷ ᠪᠠ ᠬᠤᠰᠢᠭᠤᠨ ᠤ ᠰᠣᠶᠤᠯ ᠵᠢᠭᠤᠯᠴᠢᠯᠠᠯ ᠤᠨ ᠲᠤᠪᠴᠢᠶᠠᠨ ᠤ ᠪᠤᠳᠡᠰ ᠤᠨ ᠪᠤᠰᠣ ᠰᠣᠶᠤᠯ ᠤᠨ ᠲᠠᠰᠤᠭ ᠤᠨ | ᠬᠠᠷᠢᠭᠤᠴᠠᠯᠭᠠᠳᠡᠨ᠂ ᠪᠠᠭᠠᠷᠢᠨ ᠪᠠᠷᠠᠭᠤᠨ ᠬᠤᠰᠢᠭᠤᠨ ᠤ ᠲᠦᠷᠪᠡᠨ ᠣᠳᠠᠰᠣᠳᠣ ᠨᠡᠶᠢᠬᠡᠮᠯᠢᠭ ᠤᠨ ᠬᠠᠷᠢᠭᠤᠴᠠᠯᠭᠠᠳᠡᠨ ᠠᠴᠠ ᠲᠤᠰ ᠲᠤᠰ ᠪᠠᠶᠠᠷ ᠲᠠᠯᠠᠷᠬᠠᠯ ᠤᠨ | ᠦᠬᠡ ᠬᠡᠯᠡᠵᠦ᠂ ᠦᠨᠡᠡᠪᠡᠶᠡᠷ ᠭᠤᠸᠡᠢ ᠠᠴᠠ ᠪᠠᠭᠰᠢ ᠰᠣᠷᠣᠬᠴᠢᠳ ᠵᠢᠴᠢ ᠪᠦᠬᠦ ᠤᠷᠤᠯᠴᠠᠬᠰᠠᠳ ᠲᠠᠢ ᠦᠪᠡᠷ ᠤᠨ ᠦᠵᠡᠯ ᠪᠤᠳᠣᠯ ᠢᠶᠠᠨ ᠬᠤᠪᠢᠶᠠᠯᠴᠠᠵᠠᠢ᠃ | | | | | | | | | | | ᠳ᠋ᠠᠪᠠᠨ ᠤ ᠮᠤᠩᠭᠤᠯ ᠦᠨᠳᠦᠰᠦᠳᠡᠨ ᠤ ᠲᠤᠮᠳᠠᠳᠣ ᠰᠣᠷᠭᠠᠭᠤᠯᠢ ᠶᠢᠨ ᠵᠠᠬᠢᠷᠣᠯ ᠠᠴᠠ ᠦᠨᠡᠡᠪᠡᠶᠡᠷ ᠨᠠᠰᠣᠳᠡᠨ ᠤ ᠬᠠᠶᠢᠷ᠎ᠠ ᠰᠢᠩᠭᠡᠭᠰᠡᠨ ᠦᠨᠡᠳᠦ ᠪᠡᠯᠡᠭ | ᠤᠨ ᠬᠠᠷᠢᠭᠤ ᠳᠤ ᠬᠡᠮᠡᠷᠯᠢᠭ ᠲᠤᠭ ᠬᠦᠷᠭᠡᠭᠰᠡᠨ ᠪᠠ ᠭᠡᠰᠡᠷ ᠰᠣᠶᠤᠯ ᠤᠨ ᠠᠮᠢ ᠠᠬᠤᠢ ᠶᠢ ᠬᠠᠮᠠᠭᠠᠯᠠᠵᠦ ᠬᠦᠭᠵᠢᠬᠦᠯᠬᠦ ᠲᠦᠪ ᠠᠴᠠ ᠳ᠋ᠠᠪᠠᠨ ᠤ ᠮᠤᠩᠭᠤᠯ | ᠦᠨᠳᠦᠰᠦᠳᠡᠨ ᠤ ᠲᠤᠮᠳᠠᠳᠣ ᠰᠣᠷᠭᠠᠭᠤᠯᠢ ᠳᠤ ᠪᠤᠳᠡᠰ ᠤᠨ ᠪᠤᠰᠣ ᠰᠣᠶᠤᠯ ᠤᠨ ᠦᠪ ᠢ ᠵᠠᠯᠭᠠᠮᠵᠢᠯᠠᠬᠤ ᠰᠠᠭᠤᠷᠢᠨ ᠭᠠᠵᠠᠷ ᠤᠨ ᠫᠠᠶᠢᠰᠡ ᠢᠯᠡᠷᠭᠡᠶᠢᠯᠡᠯ ᠢ | ᠣᠯᠭᠤᠵᠠᠢ᠃ ᠶᠤᠰᠣᠯᠠᠯ ᠤᠨ ᠲᠠᠷᠠᠭ᠎ᠠ ᠨᠢ ᠦᠨᠡᠡᠪᠡᠶᠡᠷ ᠨᠠᠰᠣᠳᠡᠨ ᠠᠴᠠ ᠨᠢᠭᠡ ᠪᠦᠯᠥᠭ ᠪᠠᠭᠰᠢ ᠰᠣᠷᠣᠬᠴᠢᠳ ᠪᠤᠯᠤᠨ ᠣᠷᠠᠯᠢᠬᠴᠢᠳ ᠲᠤ ᠲᠦᠷᠪᠡᠨ ᠣᠳᠠᠰᠣᠳᠣ | ᠬᠤᠭᠤᠷ ᠤᠨ ᠪᠦᠳᠦᠴᠡ ᠶᠢᠨ ᠲᠤᠬᠠᠢ ᠲᠠᠶᠢᠯᠤᠮᠵᠢ ᠪᠠ ᠬᠤᠭᠤᠷ ᠣᠷᠠᠯᠢᠭ ᠤᠨ ᠲᠤᠭᠤᠷᠢᠨ ᠳᠤ ᠣᠴᠢᠷ ᠲᠠᠢ ᠰᠠᠶᠢᠬᠠᠨ ᠶᠠᠷᠢᠶ᠎ᠠ ᠵᠤᠭᠤᠭ ᠦᠷᠨᠢᠬᠦᠯᠥᠭᠰᠡᠨ ᠪᠠᠶᠢᠨ᠎ᠠ᠃ | | | | | | | | | ᠮᠤᠳᠣᠨ ᠮᠠᠲ᠋ᠧᠷᠢᠶᠡᠯ ᠰᠣᠩᠭᠤᠨ᠂ ᠣᠳᠠᠰᠣ᠂ ᠪᠦᠷᠢᠶᠡᠰᠣ ᠠᠴᠠ ᠡᠬᠢᠯᠡᠬᠡᠳ ᠬᠢᠯᠭᠠᠰᠣ ᠴᠣᠯᠠᠭᠤᠯᠵᠦ ᠲᠦᠷᠪᠡᠨ ᠤᠳᠠᠰᠣᠳᠣ ᠬᠤᠭᠤᠷ ᠬᠢᠨ᠎ᠡ ᠬᠡᠵᠦ | ᠲᠡᠶᠢᠮᠤ ᠬᠢᠯᠪᠡᠷ ᠪᠤᠰᠣ ᠶᠢᠨ ᠶᠠᠪᠤᠳᠡᠯ ᠶᠤᠮ ᠡ᠃ ᠦᠨᠡᠡᠪᠡᠶᠡᠷ ᠨᠠᠰᠣᠳᠡᠨ ᠮᠠᠨᠢ ᠡᠨᠡ ᠣᠳᠠᠭ᠎ᠠ ᠳ᠋ᠠᠪᠠᠨ ᠤ ᠮᠤᠩᠭᠤᠯ ᠦᠨᠳᠦᠰᠦᠳᠡᠨ ᠤ ᠲᠤᠮᠳᠠᠳᠣ ᠰᠣᠷᠭᠠᠭᠤᠯᠢ | ᠳᠤ ᠲᠦᠷᠪᠡᠨ ᠣᠳᠠᠰᠣᠳᠣ ᠬᠤᠭᠤᠷ ᠢ ᠨᠠᠶᠢᠳᠡ ᠠᠷᠪᠠ ᠶᠢ ᠪᠡᠯᠡᠭᠯᠡᠭᠰᠡᠨ ᠪᠠᠶᠢᠨ᠎ᠠ᠃ ᠨᠠᠰᠣᠳᠡᠨ ᠤ ᠮᠠᠨᠢ ᠡᠨᠡᠬᠦ ᠵᠤᠷᠢᠭ ᠰᠠᠨᠠᠭᠠᠨ ᠤ ᠠᠷᠣ ᠳᠤ ᠬᠠᠶᠢᠷ᠎ᠠ | ᠬᠠᠷᠢᠭᠤᠴᠠᠯᠭ᠎ᠠ ᠬᠡᠳᠡᠭ ᠬᠦᠴᠦᠨ ᠲᠦᠰᠢᠭ ᠪᠤᠯᠵᠦ ᠪᠠᠶᠢᠬᠤ ᠨᠢ ᠢᠯᠡᠭᠡᠨ᠃ | | | | | | | | ᠳ᠋ᠠᠪᠠᠨ ᠤ ᠮᠤᠩᠭᠤᠯ ᠦᠨᠳᠦᠰᠦᠳᠡᠨ ᠤ ᠲᠤᠮᠳᠠᠳᠣ ᠰᠣᠷᠭᠠᠭᠤᠯᠢ ᠶᠢᠨ ᠰᠣᠷᠣᠬᠴᠢᠳ ᠮᠠᠨᠢ ᠡᠪᠦᠬᠡᠨ ᠪᠤᠭᠤᠷᠣᠯ ᠤᠨ ᠭᠠᠷ ᠠᠴᠠ ᠲᠤᠰᠣᠬᠰᠠᠨ ᠦᠨᠡᠳᠦ | ᠪᠡᠯᠡᠭ ᠤᠨ ᠬᠠᠷᠢᠭᠤ ᠳᠤ ᠦᠪᠯᠡᠨ ᠣᠯᠠᠮᠵᠢᠯᠠᠬᠤ ᠰᠣᠶᠤᠯ ᠢᠶᠠᠨ ᠵᠠᠯᠭᠠᠮᠵᠢᠯᠠᠨ ᠬᠦᠭᠵᠢᠬᠦᠯᠵᠦ᠂ ᠣᠳᠣᠮᠳᠣ ᠰᠣᠶᠤᠯ ᠤᠨ ᠦᠪ ᠵᠤᠵᠠᠭᠠᠨ ᠡᠨᠡ ᠨᠤᠳᠤᠭ ᠤᠨ | ᠭᠡᠤᠭᠡᠳ ᠤᠳ ᠮᠠᠨᠢ ᠲᠦᠷᠪᠡᠨ ᠣᠳᠠᠰᠣᠳᠣ ᠬᠤᠭᠤᠷ ᠤᠨ ᠬᠦᠩᠭᠢᠨᠡᠮ᠎ᠡ ᠡᠬᠡᠰᠢᠭ ᠢ ᠲᠦᠷᠪᠡᠨ ᠵᠦᠭ ᠨᠠᠢᠮᠡᠨ ᠵᠤᠪᠬᠢᠰ ᠲᠤ ᠴᠣᠣᠷᠢᠶᠠᠳᠠᠭᠤᠯᠬᠤ ᠶᠢ ᠬᠦᠰᠡᠭᠰᠡᠨ | ᠠᠴᠠ ᠡᠨᠡᠬᠦ ᠦᠨᠡᠳᠦ ᠪᠡᠯᠡᠭ ᠨᠢ ᠨᠤᠳᠤᠭ ᠰᠣᠶᠤᠯ ᠤᠨ ᠮᠠᠷᠭᠠᠰᠢ ᠶᠢᠨ ᠠᠶᠠᠨ ᠳᠤ ᠬᠦᠭ ᠨᠠᠮᠠᠷᠢᠯᠡᠬᠦ ᠪᠤᠯᠤᠨ᠎ᠠ᠃ ᠦᠨᠡᠡᠪᠡᠶᠡᠷ ᠨᠠᠰᠣᠳᠡᠨ ᠪᠤᠯᠤᠨ ᠳ᠋ᠠᠪᠠᠨ ᠤ | ᠮᠤᠩᠭᠤᠯ ᠦᠨᠳᠦᠰᠦᠳᠡᠨ ᠤ ᠲᠤᠮᠳᠠᠳᠣ ᠰᠣᠷᠭᠠᠭᠤᠯᠢ ᠶᠢᠨ ᠲᠡᠳ᠋ ᠵᠠᠬᠢᠷᠣᠯ ᠴᠢᠨᠳᠠᠮᠤᠨᠢ ᠰᠣᠷᠪᠤᠯᠵᠢᠯᠠᠭ᠎ᠠ ᠬᠦᠯᠢᠶᠡᠵᠡᠢ᠃ ︵ᠴᠢᠮᠡᠭᠡᠯᠡᠭᠴᠢ ᠭᠠᠩᠪᠠᠭᠠᠳᠣᠷ ᠮᠡᠳᠡᠭᠡᠯᠡᠪᠡ | ︶ | | | | | | |