ᠰᠢᠯᠢᠳᠡᠭ ᠡᠬᠦᠯᠳᠡᠷ ᠤᠨ ᠦᠬᠡᠷ ᠠᠴᠠ ᠡᠬᠦᠰᠦᠭᠰᠡᠨ ᠰᠢᠨ᠎ᠡ ᠮᠠᠯᠵᠢᠯ ᠤᠨ ᠠᠷᠭ᠎ᠠ ᠵᠠᠮ
ᠨᠡᠶᠢᠲᠡᠯᠡᠭᠰᠡᠨ ᠴᠠᠭ᠄
2023/12/7
            ᠬᠦᠬᠡᠬᠡ ᠡᠪᠦᠯ ᠤᠨ  ᠬᠦᠢᠳᠡᠨ ᠤ ᠡᠷᠴᠢ ᠴᠢᠩᠭᠠᠷᠠᠵᠦ᠂ ᠮᠦᠩᠭᠦᠨ ᠪᠤᠭᠤᠷᠣᠯ ᠠᠭᠤᠯᠠᠰ ᠤᠨ ᠬᠤᠷᠮᠤᠢ ᠪᠠᠷ ᠬᠦᠷ ᠴᠠᠰᠣ ᠬᠤᠩᠭᠤᠷᠯᠠᠵᠦ᠂ ᠬᠦᠨᠳᠡᠢ ᠲᠠᠯ᠎ᠠ ᠪᠠᠷ ᠬᠦᠢᠳᠡᠨ ᠰᠠᠯᠬᠢ ᠢᠰᠬᠢᠷᠡᠭᠰᠡᠨ ᠴᠤ ᠮᠠᠯᠴᠢᠨ ᠠᠶᠢᠯ ᠤᠨ ᠲᠤᠯᠠᠭᠠᠨ ᠬᠠᠰᠢᠶᠠᠨ ᠳᠠᠬᠢ ᠮᠠᠯ ᠰᠦᠷᠦᠭ ᠦᠶᠦᠭ ᠲᠠᠪᠠᠳᠡᠢ ᠡᠪᠤᠯᠵᠢᠵᠦ ᠪᠠᠶᠢᠨ᠎ᠠ᠃ 
7fb18707a2ed9ac28871f3d4accaa34.jpg
 
43af17c445a2a3f67e770784f4a248c.jpg
          ᠪᠠᠭᠠᠷᠢᠨ ᠪᠠᠷᠠᠭᠤᠨ ᠬᠤᠰᠢᠭᠤᠨ ᠤ ᠪᠠᠶᠠᠠᠬᠤᠰᠢᠭᠤ ᠪᠠᠯᠭᠠᠰᠣ ᠶᠢᠨ ᠬᠤᠯᠤᠰᠣᠳᠡᠢ ᠲᠤᠰᠬᠤᠨ ᠳᠤ ᠬᠦᠷᠬᠦ ᠪᠠᠷ   ᠰᠢᠨ᠎ᠠ ᠮᠠᠶ᠋ᠢᠭ ᠤᠨ ᠭᠡᠷ ᠪᠠᠶᠢᠰᠢᠩ᠂ ᠣᠳᠣᠬᠢᠴᠢᠯᠠᠬᠰᠠᠨ ᠮᠠᠯ ᠤᠨ ᠬᠠᠰᠢᠶ᠎ᠠ ᠰᠠᠷᠠᠪᠴᠢ ᠵᠢᠭᠳᠡᠷᠡᠨ ᠂ ᠰᠢᠨ᠎ᠡ ᠬᠦᠳᠡᠭᠡ ᠲᠤᠰᠬᠤᠨ ᠤ ᠦᠩᠭᠡ ᠲᠦᠷᠰᠦ ᠳᠣᠳᠣ ᠠᠴᠠ ᠳᠣᠳᠣᠬᠠᠨ ᠬᠠᠷᠠᠬᠳᠠᠨ᠎ᠠ ᠃  
99d6209deeb0cfebd51024a4ee57c86.jpg
 
480afe38b6041c5c7f97e8b9ebe69bc.jpg
          ︽ᠦᠬᠡᠷ ᠤᠨ ᠡᠬᠦᠯᠳᠡᠷ ᠢ ᠰᠠᠶᠢᠵᠢᠷᠠᠭᠤᠯᠬᠤ ᠪᠤᠯ ᠠᠮᠢ ᠠᠬᠤᠢ ᠪᠤᠯᠤᠨ ᠠᠵᠦ ᠠᠬᠤᠢ ᠶᠢᠨ ᠬᠤᠤᠰ ᠦᠷ᠎ᠡ ᠠᠰᠢᠭ ᠬᠦᠷᠳᠡᠬᠦ ᠴᠤᠷ ᠤᠨ ᠭᠠᠭᠴᠠ ᠠᠷᠭ᠎ᠠ ᠵᠠᠮ ᠮᠦᠨ︾ ᠭᠡᠵᠦ ᠪᠠᠶᠠᠠᠬᠤᠰᠢᠭᠤ ᠪᠠᠯᠭᠠᠰᠣ ᠶᠢᠨ ᠬᠤᠯᠤᠰᠣᠳᠡᠢ ᠲᠤᠰᠬᠤᠨ ᠤ  ᠮᠠᠯᠴᠢᠨ  ᠰᠡᠴᠡᠨ  ᠦᠬᠡᠷ ᠤᠨ ᠡᠬᠦᠯᠳᠡᠷ ᠰᠠᠶᠢᠵᠢᠷᠠᠭᠤᠯᠤᠭᠠᠳ ᠠᠰᠢᠭ ᠬᠦᠷᠳᠡᠭᠰᠡᠨ ᠦᠩᠭᠡᠷᠡᠯᠳᠡ ᠪᠠᠨ ᠪᠠᠶᠠᠷ ᠲᠠᠢ  ᠡᠷᠬᠢᠴᠡᠬᠦᠯᠥᠯ᠎ᠡ᠃ ᠪᠠᠶᠠᠠᠬᠤᠰᠢᠭᠤ ᠪᠠᠯᠭᠠᠰᠦ ᠶᠢᠨ ᠬᠤᠯᠤᠰᠣᠳᠡᠢ ᠲᠤᠰᠬᠤᠨ ᠪᠤᠯ ᠪᠠᠭᠠᠷᠢᠨ ᠨᠤᠳᠤᠭ ᠤᠨ ᠵᠡᠬᠦᠨ ᠬᠤᠶᠢᠨ᠎ᠠ᠂ ᠪᠠᠶᠠᠠᠬᠤᠰᠢᠭᠤ ᠪᠠᠯᠭᠠᠰᠣ ᠠᠴᠠ ᠡᠮᠦᠨ᠎ᠡ ᠬᠠᠪᠢ ᠪᠠᠷ  ᠪᠠᠶᠢᠷᠢᠯᠠᠬᠰᠠᠨ ᠠᠭᠤᠯᠠᠷᠬᠠᠭ ᠭᠠᠵᠠᠷ  ᠪᠠᠶᠢᠵᠦ᠂  ᠠᠮᠢ ᠠᠬᠤᠢ ᠶᠢᠨ ᠡᠬᠢ ᠪᠠᠶᠠᠯᠢᠭ ᠎ ᠤᠨ ᠠᠰᠢᠭᠯᠠᠯᠳᠠ ᠲᠠᠢ ᠨᠤᠳᠤᠭ ᠪᠤᠯᠬᠤᠷ ᠮᠠᠯᠴᠢᠨ ᠰᠡᠴᠡᠨ 2017 ᠤᠨ ᠠᠴᠠ ᠡᠬᠢᠯᠡᠵᠦ ᠤᠷᠤᠨ ᠨᠤᠳᠤᠭ ᠎ ᠤᠨ ᠤᠨᠴᠠᠯᠢᠭ ᠲᠠᠭᠠᠨ ᠳᠤᠬᠢᠷᠠᠭᠤᠯᠤᠨ᠂ ᠠᠭᠤᠷ ᠠᠮᠢᠰᠬᠤᠯ ᠤᠨ ᠵᠤᠬᠢᠴᠠᠬᠤ ᠴᠢᠨᠠᠷ ᠢᠶᠠᠷ ᠴᠢᠩᠭ᠎ᠠ  ᠰᠢᠮᠧᠨ᠋ᠲᠷ ᠡᠬᠦᠯᠳᠡᠷ ᠤᠨ ᠦᠬᠡᠷ ᠣᠷᠣᠭᠤᠯᠵᠦ ᠲᠤᠷᠰᠢᠨ ᠲᠡᠵᠢᠬᠡᠬᠦ ᠠᠴᠠ ᠭᠠᠷᠳᠡᠨ᠂  ᠣᠳᠤ ᠪᠤᠯᠬᠤ ᠳᠤ100 ᠭᠠᠷᠣᠢ ᠰᠢᠯᠢᠳᠡᠭ ᠡᠬᠦᠯᠳᠡᠷ ᠤᠨ ᠦᠬᠡᠷ ᠲᠠᠢ ᠪᠤᠯᠤᠬᠰᠠᠨ ᠪᠠᠶᠢᠨ᠎ᠠ᠃    
22029087464992ef8d5b7f4248a2687.jpg
 
a903416e573375222888577e04d2421.jpg 
                    ᠪᠠᠶᠠᠠᠬᠤᠰᠢᠭᠤ ᠪᠠᠯᠭᠠᠰᠦ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠨᠢ ᠠᠮᠢ ᠠᠬᠤᠢ  ᠪᠤᠯᠤᠨ ᠠᠵᠤ ᠦᠢᠯᠡᠰ ᠎ ᠢ ᠵᠡᠷᠭᠡ ᠪᠠᠷ ᠬᠦᠭᠵᠢᠬᠦᠯᠬᠦ  ᠶᠢᠨ ᠳᠦᠯᠦᠭᠡ᠂ ᠮᠠᠯ ᠤᠨ ᠳᠡᠵᠢᠭᠡᠯ ᠪᠤᠷᠳᠤᠭ᠎ᠠ ᠶᠢᠨ ᠦᠢᠯᠡᠰ ᠢ  ᠬᠦᠭᠵᠢᠬᠦᠯᠬᠦ ᠠᠷᠭ᠎ᠠ ᠵᠠᠮ ᠢ ᠡᠬᠦᠳᠦᠵᠦ᠂ ᠠᠮᠢ ᠠᠬᠤᠢ ᠶᠢᠨ ᠪᠦᠲᠦᠭᠡᠨ ᠪᠠᠢᠭᠤᠯᠤᠯᠲᠠ ᠪᠠᠷ ᠠᠵᠤ  ᠣᠶᠢᠯᠡᠰ ᠤᠨ ᠬᠥᠭᠵᠢᠯᠲᠡ ᠶᠢ ᠠᠬᠢᠭᠤᠯᠬᠤ ᠰᠢᠨ᠎ᠡ ᠠᠷᠭ᠎ᠠ ᠵᠠᠮ ᠎ ᠢ ᠢᠳᠡᠪᠬᠢᠳᠡᠢ ᠰᠦᠪᠡᠭᠴᠢᠯᠡᠵᠡᠢ᠃ ᠢᠩᠬᠢᠭᠰᠡᠨ ᠢᠶᠠᠷ  ᠰᠡᠴᠡᠨ ᠲᠠᠢ ᠠᠳᠠᠯᠢ ᠣᠯᠠᠩᠭᠢ ᠮᠠᠯᠴᠢᠨ ᠲᠠᠷᠢᠶᠠᠴᠢᠳ ᠨᠢ ᠣᠳᠣᠬᠢᠴᠢᠯᠠᠬᠰᠠᠨ ᠮᠠᠯᠵᠢᠬᠤ ᠣᠶᠢᠯᠡᠳᠪᠤᠷᠢᠯᠡᠯ ᠢᠶᠠᠷ ᠰᠢᠨ᠎ᠡ ᠬᠦᠳᠡᠭᠡ ᠲᠤᠰᠬᠤᠨ ᠢ ᠬᠦᠭᠵᠢᠬᠦᠯᠥᠨ  ᠮᠠᠨᠳᠣᠭᠤᠯᠬᠤ ᠶᠢᠨ ᠣᠷᠢᠳᠡᠯ ᠪᠤᠯᠭᠠᠵᠦ ᠪᠠᠶᠢᠳᠠᠭ᠃ 
b63571cd14403121538b7c5a2424461.jpg
c54643df04209345ca04805cec3adca.jpg
           ᠬᠦᠮᠤᠰ ᠶᠠᠷᠣ ᠨᠢ ᠬᠦᠭᠵᠢᠯᠳᠡ ᠶᠢᠨ ᠲᠤᠮᠳᠠᠬᠢ ᠬᠦᠳᠡᠭᠡ ᠲᠤᠰᠬᠤᠨ ᠢ ᠦᠵᠡᠰᠬᠦᠯᠡᠩ ᠰᠠᠶᠢᠬᠠᠨ  ᠤᠷᠤᠨ ᠬᠡᠮᠡᠨ ᠶᠠᠷᠢᠳᠠᠭ᠃ ᠬᠡᠬᠦ ᠳᠤ ᠪᠠᠨ ᠡᠯ᠎ᠡ ᠱᠠᠳᠣᠨ ᠤ ᠨᠠᠮ ᠵᠠᠰᠠᠭ ᠤᠨ ᠬᠠᠶᠢᠷ᠎ᠠ ᠬᠠᠯᠠᠮᠵᠢ ᠲᠤᠤᠷ᠎ᠠ ᠬᠦᠮᠤᠨ ᠠᠷᠡᠳ ᠤᠨ ᠣᠶᠤᠨ ᠣᠬᠠᠭᠠᠨ ᠰᠢᠷᠭᠠᠭᠤ ᠬᠦᠳᠡᠯᠮᠦᠷᠢ ᠪᠠᠷ ᠪᠤᠰᠬᠠᠬᠳᠠᠬᠤ ᠪᠠᠶᠠᠨ ᠲᠠᠩᠰᠤᠭ ᠠᠮᠢᠳᠣᠷᠠᠯ ᠪᠤᠯ ᠬᠠᠮᠤᠭ ᠠᠴᠠ ᠭᠤᠶᠤ ᠦᠵᠡᠰᠬᠦᠯᠡᠩ ᠬᠡᠳᠡᠭ ᠢ ᠪᠢᠳᠠ ᠪᠠᠭ᠋ᠠᠷᠤᠮ᠎ᠠ ᠰᠠᠶᠢᠬᠠᠨ ᠪᠠᠶᠠᠠᠬᠤᠰᠢᠭᠤ ᠨᠤᠳᠤᠭ ᠤᠨ ᠬᠦᠭᠵᠢᠯᠳᠡ ᠬᠤᠪᠢᠷᠠᠯᠳᠠ᠂ ᠪᠠᠶᠠᠵᠢᠯ ᠬᠤᠷᠣᠶᠢᠯᠠᠬᠰᠠᠨ ᠬᠤᠯᠤᠰᠣᠳᠡᠢ ᠲᠤᠰᠬᠤᠨ ᠤ ᠬᠦᠮᠣᠨ ᠠᠷᠡᠳ ᠤᠨ ᠣᠶᠤᠨ ᠣᠬᠠᠭᠠᠨ ᠠᠴᠠ ᠣᠯᠵᠦ  ᠬᠠᠷᠠᠬᠰᠠᠨ ᠪᠠᠶᠢᠨ᠎ᠠ᠃ ︵ ᠴᠢᠮᠡᠬᠡᠯᠡᠭᠴᠢ ᠭᠠᠩᠪᠠᠭᠠᠳᠣᠷ ᠮᠡᠳᠡᠭᠡᠯᠡᠪᠡ︶  
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ