| | | | ᠣᠭᠤᠷᠠᠭ ᠰᠦ ᠰᠢᠮᠡᠵᠣ ᠪᠠᠶᠢᠭᠰᠠᠨ ᠣᠯᠠᠭᠠᠨ ᠨᠢᠯᠬ᠎ᠠ ᠠᠴᠠ ᠪᠠᠨ ᠡᠬᠡ ᠪᠠᠨ ᠠᠯᠳᠠᠵᠣ᠂ ᠦᠨᠦᠴᠢᠨ ᠦᠷᠦᠭᠡᠰᠦᠨ ᠦᠰᠴᠣ ᠪᠣᠶᠢᠵᠢᠭᠠᠳ ᠣᠷᠠᠨ | ᠬᠠᠳᠬᠤᠮᠠᠯᠴᠢᠨ ᠣᠷᠠᠨ ᠣᠶᠣᠳᠠᠯᠴᠢᠨ ᠪᠣᠯᠴᠢᠬᠠᠨ᠎ᠠ ᠭᠡᠵᠣ ᠭᠡᠨ ᠴᠦ ᠢᠳᠡᠭᠡᠮᠡᠷ ᠦᠭᠡᠢ ᠶᠣᠮ᠃ ᠨᠡᠩ ᠴᠦ ᠡᠮᠨᠢᠭ ᠲᠠᠭ᠎ᠠ ᠵᠠᠶᠢᠳᠠᠯᠠᠵᠣ ᠠᠩ ᠰᠢᠪᠠᠭᠤ ᠨᠠᠮᠨᠠᠵᠣ | ᠶᠠᠪᠣᠭᠤᠰᠢᠳᠠᠢ ᠬᠦᠦ ᠬᠦᠮᠦᠨ ᠠᠭᠠᠳ ᠣᠳᠠᠰᠣ ᠵᠠᠭᠦᠦ ᠲᠠᠢ ᠨᠣᠣᠷᠠᠯᠳᠣᠨ ᠣᠶᠣᠳᠠᠯ ᠦᠢᠯᠨ ᠶᠢᠨ ᠮᠦᠷ ᠢᠶᠠᠷ ᠵᠠᠮᠨᠠᠵᠣ᠂ ᠨᠡᠶᠢᠳᠡ ᠲᠦᠮᠡᠨ ᠨᠡᠶᠢᠭᠡᠮ ᠲᠦᠷᠦ | ᠳᠡᠭᠡᠨ ᠠᠯᠳᠠᠷ ᠴᠣᠣ ᠲᠠᠢ ᠬᠢᠯᠠᠷᠠᠭᠤᠯᠵᠣ ᠶᠠᠪᠣᠨ᠎ᠠ ᠭᠡᠳᠡᠭ ᠢ ᠭᠡᠨ ᠴᠦ ᠢᠳᠡᠭᠡᠵᠣ ᠶᠠᠳᠠᠨ᠎ᠠ᠃ | | | | | ᠡᠨᠡ ᠪᠣᠯ ᠡᠩ ᠤᠨ ᠬᠦᠮᠦᠰ ᠤᠨ ᠭᠡᠪᠰᠢᠮᠡᠯ ᠦᠵᠡᠯ᠂ ᠬᠠᠭᠤᠴᠢᠨ ᠣᠯᠠᠮᠵᠢᠯᠠᠯᠳᠣ ᠵᠠᠩ ᠰᠣᠷᠳᠠᠯ᠂ ᠣᠶᠢᠯᠠᠭᠠᠭᠳᠠᠬᠤᠨ ᠲᠡᠳᠦᠢ᠃ ᠬᠠᠷᠢᠨ ︽ᠵᠠᠯᠠᠭᠤ | ᠨᠠᠰᠣ ᠪᠣᠯ ᠢᠷᠠᠭᠤ ᠰᠠᠶᠢᠬᠠᠨ ᠶᠣᠮ︾᠂ ᠨᠡᠩ ᠴᠦ ᠂ ᠦᠨᠦᠴᠢᠷᠡᠯ ᠭᠠᠭᠴᠠᠭᠠᠷᠳᠠᠯ ᠤᠨ ᠲᠣᠮᠳᠠ ᠦᠪᠡᠷ ᠤᠨ ᠲᠣᠷ᠎ᠠ ᠪᠠᠬ᠎ᠠ᠂ ᠡᠷᠢᠯ ᠬᠦᠰᠡᠯ ᠤᠨ ᠢᠶᠠᠨ ᠲᠦᠯᠦᠭᠡ | ᠲᠡᠭᠦᠨ ᠢ ᠪᠠᠨ ᠪᠠᠷᠢᠮᠲᠠᠯᠠᠨ ᠵᠢᠳᠭᠦᠵᠣ ᠴᠡᠩᠭᠡᠯ ᠪᠠᠶᠠᠷᠯᠠᠯ ᠲᠠᠢ ᠦᠢᠯᠡᠰ ᠪᠣᠯᠭᠠᠨ ᠮᠡᠷᠡᠶᠢᠨ ᠵᠢᠳᠭᠦᠨ᠎ᠡ ᠶᠠᠪᠣᠭ᠎ᠠ ᠵᠠᠯᠠᠭᠤ ᠨᠠᠰᠣ ᠪᠣᠯ ᠨᠡᠩ ᠢᠷᠠᠭᠤ ᠰᠠᠶᠢᠬᠠᠨ ᠭᠡᠳᠡᠭ | ᠢ ᠵᠠᠯᠠᠭᠤ ᠣᠷᠠᠨ ᠬᠠᠳᠬᠤᠮᠠᠯᠴᠢᠨ᠂ ︽ᠬᠠᠳᠬᠤᠮᠠᠯ ᠤᠨ ᠴᠡᠩᠭᠡᠯ︾ — ᠴᠡᠩᠭᠡᠯᠪᠦᠷᠢᠨ ᠲᠠ ᠪᠢᠳᠡᠨ ᠳᠤ ᠲᠣᠭᠤᠯᠭᠠᠵᠣ ᠪᠠᠶᠢᠨ᠎ᠠ᠃ | | | | | ᠣᠯᠠᠮᠵᠢᠯᠠᠯᠳᠣ ᠰᠢᠯᠢᠳᠡᠭ ᠰᠣᠶᠣᠯ ᠤᠨ ᠦᠪ ᠵᠣᠵᠠᠭᠠᠨ ᠪᠠᠭᠠᠷᠢᠨ ᠪᠠᠷᠠᠭᠤᠨ ᠬᠤᠰᠢᠭᠤᠨ ᠤ ᠲᠦᠪ ᠳ᠋ᠠᠪᠠᠨ ᠪᠠᠯᠭᠠᠰᠣ ᠳᠤ ︽ᠦᠨᠳᠤᠰᠤᠳᠠᠨ ᠤ ᠭᠠᠷ | ᠦᠢᠯᠡᠳᠬᠡᠯ ᠤᠨ ᠲᠦᠪ︾ ᠭᠡᠮᠡᠨ ᠪᠠᠶᠢᠳᠠᠭ ᠪᠦᠭᠡᠳ ᠡᠨᠡᠬᠦ ᠲᠦᠪ ᠲᠤ ᠲᠣᠰ ᠬᠤᠰᠢᠭᠤᠨ ᠤ ᠣᠷᠠᠴᠣᠳ ᠤᠨ ᠨᠡᠶᠢᠭᠡᠮᠯᠢᠭ ᠤᠨ ᠣᠷᠠᠨ ᠣᠶᠣᠳᠠᠯᠴᠢᠨ᠂ ᠣᠷᠠᠨ | ᠲᠠᠷᠬᠠᠳ ᠨᠢᠭᠡᠨ ᠲᠠᠩᠬᠢᠮ ᠳᠤ ᠲᠦᠪᠯᠡᠷᠡᠨ᠂ ᠣᠬᠠᠭᠠᠨ ᠰᠠᠨᠠᠭ᠎ᠠ ᠣᠷᠠᠨ ᠭᠠᠷ ᠢᠶᠠᠷ ᠢᠶᠠᠨ ᠡᠨᠡᠬᠦ ᠲᠠᠯᠡᠬᠡᠢ ᠳᠤ ᠬᠤᠣᠰ ᠦᠭᠡᠢ ᠰᠠᠶᠢᠬᠠᠨ ᠮᠣᠩᠭᠤᠯ ᠰᠣᠶᠣᠯ ᠤᠨ | ᠢᠶᠠᠨ ᠦᠵᠡᠮᠵᠢ ᠪᠦᠷᠢᠳᠦᠭᠰᠡᠨ ᠰᠢᠨ᠎ᠡ ᠬᠠᠭᠤᠳᠠᠰᠣ ᠶᠢ ᠣᠷᠠᠯᠠᠨ ᠪᠦᠳᠦᠭᠡᠵᠣ᠂ ᠰᠣᠶᠣᠯ ᠤᠨ ᠨᠡᠷ᠎ᠡ ᠲᠡᠮᠳᠡᠭ ᠢ ᠡᠬᠦᠳᠴᠣ᠂ ᠣᠷᠣᠨ ᠨᠣᠳᠤᠭ ᠤᠨ ᠢᠶᠠᠨ | ᠬᠦᠭᠵᠢᠯᠳᠡ ᠳᠤ ᠬᠤᠪᠢ ᠨᠡᠮᠡᠷᠢ ᠪᠠᠨ ᠦᠵᠡᠬᠦᠯᠣᠨ᠂ ᠰᠠᠶᠢᠬᠠᠨ ᠠᠯᠳᠡᠷ ᠴᠣᠯᠨ ᠪᠠᠨ ᠬᠤᠯᠨ ᠦᠢᠷ᠎ᠡ ᠳᠠᠭᠠᠨ ᠮᠠᠨᠳᠣᠭᠤᠯᠵᠣ ᠂ ︽ᠪᠠᠭᠠᠷᠢᠨ ᠮᠣᠩᠭᠤᠯ ᠬᠤᠪᠴᠠᠰᠣ | ᠵᠠᠰᠠᠯ︾ ᠤᠨ ᠭᠠᠵᠠᠷ ᠣᠷᠣᠨ ᠤ ᠲᠦᠷᠦᠯ ᠲᠡᠮᠳᠡᠭ ᠢ ᠡᠭᠦᠳᠦᠭᠰᠡᠨ ᠰᠠᠭᠤᠷᠢᠨ ᠭᠠᠵᠠᠷ ᠪᠣᠯᠵᠠᠢ᠃ ᠲᠡᠳᠡᠭᠡᠷ ᠣᠯᠠᠨ ᠣᠷᠠᠴᠣᠳ ᠤᠨ ᠲᠣᠮᠳᠠ ᠪᠠᠨ ᠣᠳᠣᠨ | ᠰᠣᠳᠣᠨ ᠪᠣᠯᠣᠭᠰᠠᠨ ᠣᠷᠠᠨ ᠣᠶᠣᠳᠠᠯᠴᠢᠨ ᠤ ᠨᠢᠭᠡ ᠨᠢ ᠲᠠᠷᠦᠢ ︽ᠴᠡᠩᠭᠡᠯ ᠮᠣᠩᠭᠤᠯ ᠬᠤᠪᠴᠠᠰᠣ ᠵᠠᠰᠠᠯ︾ ᠤᠨ ᠲᠡᠯᠭᠡᠬᠦᠷ ᠤᠨ ᠵᠠᠯᠠᠭᠤ ᠲᠠᠭᠠᠭᠠᠮᠠᠯ᠂ ᠬᠤᠯᠨ | ᠦᠢᠷ᠎ᠠ ᠳᠠᠭᠠᠨ ︽ᠬᠠᠳᠬᠤᠮᠠᠯ ᠤᠨ ᠴᠡᠩᠭᠡᠯ︾ ᠬᠡᠮᠡᠨ ᠲᠣᠳᠣᠨᠣᠴᠢᠯᠠᠨ ᠲᠠᠭᠤᠳᠠᠭᠳᠠᠳᠠᠭ ᠣᠷᠠᠨ ᠣᠶᠣᠳᠠᠯᠴᠢᠨ ᠴᠡᠩᠭᠡᠯᠪᠦᠷᠢᠨ ᠪᠣᠯᠣᠨ᠎ᠠ᠃ ᠰᠢᠷ᠎ᠡ ᠯᠣᠣ ᠵᠢᠯ ᠤᠨ | ᠬᠠᠪᠣᠷ᠂ ᠴᠡᠩᠭᠡᠯᠪᠦᠷᠢᠨ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠤᠨ ᠵᠠᠮ ᠰᠤᠮᠤᠨ ᠤ ᠴᠠᠭᠠᠨᠰᠣ ᠭᠠᠴᠠᠭ᠎ᠠ ᠶᠢᠨ ᠲᠠᠯ᠎ᠠ ᠶᠢᠨ ᠠᠶᠢᠯ ᠳᠤ ᠠᠪᠤ ᠡᠵᠢ ᠶᠢᠨ ᠢᠶᠠᠨ | ᠦᠷ᠎ᠡ ᠶᠢᠨ ᠭᠠᠭᠴᠨ ᠬᠦᠦ ᠨᠢ ᠪᠣᠯᠵᠣ ᠵᠠᠶᠠᠭᠠᠵᠠᠢ᠃ ᠭᠤᠷᠪᠠᠨ ᠨᠠᠰᠣᠳᠠᠢ ᠲᠤᠨᠢ ᠡᠵᠢ ᠨᠢ ᠵᠣᠯ ᠪᠣᠰᠣ ᠪᠠᠷ ᠪᠡᠶ᠎ᠡ ᠪᠠᠷᠠᠵᠣ᠂ ᠲᠡᠷᠨ ᠨᠠᠭᠠᠴᠣ ᠡᠪᠦᠭᠡ ᠡᠮᠡᠭᠡ ᠶᠢᠨ | ᠢᠶᠠᠨ ᠭᠠᠷ ᠲᠡᠭᠡᠷ᠎ᠡ ᠦᠰᠴᠣ ᠦᠭᠡᠯᠡᠢ ᠪᠣᠯᠵᠠᠢ᠃ ᠪᠠᠯᠴᠢᠷ ᠪᠠᠭ᠎ᠠ ᠠᠴᠠ ᠪᠠᠨ ᠨᠠᠭᠠᠴᠣ ᠡᠮᠡᠭᠡ ᠪᠠᠨ ᠪᠣᠷᠪᠢᠳᠠᠨ ᠲᠠᠭᠠᠵᠣ᠂ ᠦᠢᠯᠨ ᠣᠳᠠᠰᠣ ᠣᠶᠣᠬᠤ ᠶᠢ ᠨᠢ | ᠰᠣᠨᠢᠷᠬᠠᠨ ᠬᠠᠷᠠᠵᠣ᠂ ︽ᠬᠦᠦ ᠬᠦᠮᠦᠨ ᠪᠠᠶᠢᠭᠠᠳ ᠣᠶᠣᠳᠠᠯ ᠦᠢᠯᠨ ᠰᠣᠷᠬᠤ ᠶᠠᠭᠤᠨ ᠭᠡᠷᠡᠭ︾ ᠭᠡᠳ ᠬᠠᠰᠢᠵᠣ ᠬᠤᠷᠢᠬᠤ ᠶᠢ ᠨᠢ ᠬᠦᠯᠢᠶᠡᠯ ᠦᠭᠡᠢ᠂ ᠲᠣᠰᠣᠨ | ᠳ᠋ᠧᠩ ᠤᠨ ᠲᠣᠣᠷ᠎ᠠ ᠵᠡᠭᠦᠦ ᠣᠳᠠᠰᠣ ᠶᠢ ᠨᠢ ᠰᠦᠪᠡᠯᠡᠵᠣ ᠦᠭᠭᠦᠨ᠂ ᠰᠢᠬᠢᠷ ᠪᠣᠷᠠᠮ ᠳᠤ ᠬᠤᠪᠳᠣᠭᠯᠠᠬᠤ ᠮᠡᠳᠣ ᠭᠡᠷ ᠤᠨ ᠬᠦᠮᠦᠰ ᠠᠴᠠ ᠪᠠᠨ ᠲᠠᠯᠳᠠᠭᠤᠷ ᠵᠡᠭᠦᠦ | ᠣᠳᠠᠰᠣ ᠪᠠᠷᠢᠵᠣ ᠭᠡᠷᠡᠮ ᠤᠨ ᠰᠡᠭᠦᠳᠡᠷ᠂ ᠬᠠᠰᠢᠶᠠᠨ ᠪᠣᠯᠣᠩ ᠢᠶᠠᠷ ᠣᠷᠣᠵᠣ ᠬᠤᠸᠠᠷ ᠬᠠᠳᠬᠤᠵᠣ ᠰᠠᠭᠤᠳᠠᠭ ᠪᠠᠶᠢᠵᠠᠢ᠃ ᠲᠡᠷᠨ ᠭᠡᠳᠦᠶᠢᠪᠡᠷ ᠲᠣᠯᠣᠭᠠᠨ ᠨᠠᠰᠣᠳᠠᠢ | ᠳᠠᠭᠠᠨ ᠪᠠᠭ᠎ᠠ ᠰᠣᠷᠭᠠᠭᠤᠯᠢ ᠳᠤ ᠣᠷᠣᠵᠣ ᠪᠢᠴᠢᠭ ᠰᠣᠶᠣᠯ ᠤᠨ ᠮᠦᠷ ᠢ ᠬᠦᠭᠡᠭᠡᠭᠰᠡᠨ ᠪᠣᠯᠪᠠᠴᠣ ᠪᠡᠶ᠎ᠡ ᠨᠢ ᠰᠣᠷᠭᠠᠭᠤᠯᠢ ᠳᠤ ᠪᠠᠶᠢᠯ᠎ᠠ ᠴᠦ ᠪᠣᠳᠣᠯ ᠨᠢ ᠣᠶᠣᠳᠠᠯ | ᠬᠠᠳᠬᠤᠮᠠᠯ ᠳᠤ ᠣᠶᠠᠭᠳᠠᠨ᠂ ᠴᠠᠭᠠᠨ ᠲᠣᠯᠣᠭᠠᠢ ᠪᠠᠨ ᠰᠣᠷᠬᠤ ᠠᠴᠠ ᠡᠮᠣᠨ᠎ᠡ ᠴᠠᠭᠠᠰᠣᠨ ᠲᠡᠭᠡᠷ᠎ᠡ ᠴᠡᠴᠡᠭ ᠰᠢᠪᠠᠭᠤ ᠵᠢᠷᠣᠵᠣ᠂ ᠪᠢᠴᠢᠭ ᠤᠨ ᠪᠣᠭᠴᠣ ᠪᠠᠨ | ᠲᠠᠯᠪᠢᠮᠠᠭᠴᠨ ᠦᠯᠦᠰᠴᠣ ᠣᠮᠳᠠᠭᠠᠰᠣᠭᠰᠠᠨ ᠮᠡᠳᠣ ᠵᠡᠭᠦᠦ ᠣᠳᠠᠰᠣ ᠠᠪᠴᠣ ᠬᠤᠸᠠᠷ ᠬᠠᠳᠬᠤᠵᠣ᠂ ᠬᠠᠵᠢᠣᠬᠠᠢ ᠬᠢᠵᠦ ᠲᠡᠭᠦᠨ ᠳᠤ ᠪᠠᠨ ᠮᠠᠯᠠᠭᠠᠢ ᠲᠡᠪᠡᠯ | ᠡᠮᠦᠰᠬᠡᠵᠦ ᠨᠠᠭᠠᠳᠴᠤ ᠪᠠᠶᠢᠭᠰᠠᠨ ᠭᠡᠨ᠎ᠡ᠃ ︽ᠲᠣᠷ᠎ᠠ ᠪᠠᠬ᠎ᠠ ᠶᠢ ᠲᠡᠭᠡᠰᠣ ᠪᠠᠷ ᠪᠣᠭᠤᠵᠣ ᠲᠡᠶᠢᠯᠳᠡᠭ ᠦᠭᠡᠢ︾ ᠭᠡᠳᠡᠭᠴᠢᠯᠡᠨ᠂ ᠴᠡᠩᠭᠡᠯᠪᠦᠷᠢᠨ ᠠᠩᠬ᠎ᠠ ᠲᠣᠮᠳᠠᠳᠣ | ᠪᠠᠨ ᠲᠡᠭᠦᠰᠦᠭᠡᠳ ᠨᠠᠭᠠᠴᠣ ᠡᠮᠡᠭᠡ ᠶᠢᠨ ᠢᠶᠠᠨ ᠡᠰᠭᠡᠵᠣ ᠣᠷᠠᠯᠠᠬᠤ ᠳᠤ ᠬᠤᠪᠰᠣᠷᠣᠨ ᠪᠠᠶᠢᠭᠰᠠᠭᠠᠷ ᠡᠨᠡᠬᠦ ᠬᠠᠳᠬᠤᠮᠠᠯ ᠣᠷᠠᠯᠠᠯ ᠳᠤ ᠨᠢᠭᠡᠮᠣᠰᠣᠨ ᠰᠢᠬᠢᠳᠴᠣ᠂ | ᠣᠶᠣᠳᠠᠯ ᠬᠠᠳᠬᠤᠮᠠᠯ ᠤᠨ ᠲᠣᠰᠬᠠᠢ ᠵᠠᠮ ᠢᠶᠠᠷ ᠵᠠᠮᠨᠠᠵᠠᠢ᠃ ᠲᠡᠷᠨ ᠠᠩᠬ᠎ᠠ ᠡᠬᠢᠯᠡᠨ ᠲᠣᠭᠠᠳᠠᠢ ᠭᠡᠳᠣᠨ ᠲᠡᠪᠡᠯ ᠲᠡᠷᠯᠢᠭ᠂ ᠣᠣᠵᠢ ᠣᠶᠣᠵᠣ ᠪᠠᠶᠢᠭᠰᠠᠨ ᠢᠶᠠᠨ | ᠨᠠᠭᠠᠴᠣ ᠡᠮᠡᠭᠡ ᠶᠢᠨ ᠢᠶᠠᠨ ᠣᠯᠠᠮᠵᠢᠯᠠᠯᠳᠣ ᠬᠠᠭᠤᠴᠢᠨ ᠮᠠᠶ᠋ᠢᠭ ᠢᠶᠠᠷ ᠭᠤᠳᠣᠯ ᠣᠷᠢᠶᠠᠬᠤ᠂ ᠲᠠᠮᠠᠬᠢᠨ ᠣᠭᠤᠳᠠ᠂ ᠬᠠᠪᠳᠠᠭ᠎ᠠ ᠣᠶᠣᠬᠤ ᠶᠢ ᠡᠵᠡᠮᠰᠢᠵᠣ᠂ ᠠᠶᠢᠯ | ᠤᠨ ᠬᠥᠮᠦᠰ ᠤᠨ ᠡᠷᠢᠵᠣ ᠭᠤᠶᠣᠭᠠᠳ ᠢᠷᠡᠬᠦ ᠮᠣᠩᠭᠤᠯ ᠭᠤᠲᠤᠯ ᠤᠨ ᠣᠷᠢᠶᠠᠮᠠᠯ᠂ ᠬᠡ ᠣᠭᠠᠯᠵᠨ᠂ ᠬᠤᠷᠢᠮ ᠨᠠᠶᠢᠷ ᠤᠨ ᠬᠤᠪᠴᠠᠰᠤ ᠵᠠᠰᠠᠯ ᠢ ᠤᠷᠠᠯᠠᠨ | ᠣᠶᠣᠬᠤ ᠪᠣᠯᠵᠣ᠂ ᠪᠠᠰᠨ ᠲᠣᠭᠤᠶᠢᠯᠠᠩ ᠭᠠᠴᠠᠭᠠᠨ ᠤ ᠬᠦᠮᠦᠨ ᠣᠯᠠᠨ ᠲᠠᠢ ᠦᠶᠡᠰ ᠤᠨ ᠬᠤᠷᠠᠯ ᠴᠤᠭᠯᠠᠭᠠᠨ ᠲᠡᠭᠡᠷ᠎ᠡ ᠬᠦᠷᠴᠣ ᠥᠪᠡᠷ ᠤᠨ ᠣᠶᠣᠭᠰᠠᠨ | ᠬᠤᠪᠴᠠᠰᠤ ᠵᠠᠰᠠᠯ ᠢᠶᠠᠨ ᠳᠡᠯᠭᠡᠨ ᠦᠵᠡᠭᠦᠯᠵᠣ ᠠᠶᠢᠯ ᠠᠶᠢᠮᠠᠭ ᠤᠨ ᠠᠬᠠᠮᠠᠳ ᠲᠣᠮᠣᠭᠠᠳᠠᠨ᠂ ᠦᠬᠢᠳ ᠪᠡᠷᠢᠶᠡᠳ ᠤᠨ ᠮᠠᠭᠳᠠᠭᠠᠯ ᠱᠠᠭᠰᠢᠯ ᠢ ᠣᠯᠵᠣ ᠶᠠᠪᠣᠵᠠᠢ᠃ | ᠲᠡᠷᠨ ᠠᠷᠪᠠ ᠶᠢᠰᠣᠨ ᠨᠠᠰᠣᠳᠠᠢ ᠳᠠᠭᠠᠨ ᠬᠤᠰᠢᠭᠤᠨ ᠲᠦᠪ ᠶᠡᠭᠡ ᠪᠠᠶᠢᠰᠢᠩ ᠳᠤ ᠢᠷᠡᠵᠣ᠂ ᠨᠡᠷᠡᠳᠣ ᠣᠷᠠᠨ ᠣᠶᠣᠳᠠᠯᠴᠢᠨ ᠨᠣᠭᠤᠨᠽᠠᠨᠳᠠᠨ ᠢ ᠪᠠᠭᠰᠢ ᠪᠠᠷᠢᠵᠣ᠂ | ᠵᠢᠷᠣᠵᠣ ᠲᠦᠰᠦᠪᠯᠡᠨ ᠡᠰᠭᠡᠵᠣ ᠣᠶᠣᠬᠤ ᠶᠢ ᠰᠢᠰᠲ᠋ᠧᠮ ᠲᠠᠢ ᠰᠣᠷᠴᠣ᠂ ᠣᠷᠢᠶᠠᠮᠠᠯ᠂ ᠬᠠᠳᠬᠤᠮᠠᠯ᠂ ᠰᠢᠯᠡᠮᠡᠯ᠂ ᠨᠠᠭᠠᠮᠠᠯ᠂ ᠱᠠᠭᠯᠠᠮᠠᠯ᠂ ᠬᠠᠪᠣᠬᠤ ᠵᠡᠷᠭᠡ | ᠬᠤᠷᠢᠭᠠᠳ ᠵᠦᠢᠯ ᠤᠨ ᠠᠳᠠᠯᠢ ᠪᠣᠰᠣ ᠣᠶᠣᠬᠤ ᠠᠷᠭ᠎ᠠ ᠶᠢ ᠡᠵᠡᠮᠰᠢᠨ᠂ ᠴᠠᠭ ᠦᠶ᠎ᠡ ᠶᠢᠨ ᠬᠦᠭᠵᠢᠯᠳᠡ᠂ ᠭᠡᠷᠡᠭᠯᠡᠭᠴᠢᠳ ᠤᠨ ᠭᠡᠷᠡᠭᠴᠡᠭᠡ ᠳᠤ ᠵᠣᠬᠢᠴᠠᠭᠤᠯᠣᠨ | ᠪᠠᠭᠰᠢ ᠪᠠᠨ ᠲᠠᠭᠠᠨ ᠦᠪᠡᠷ ᠢᠶᠠᠨ ᠬᠤᠪᠢᠰᠬᠠᠨ ᠰᠢᠨᠡᠴᠢᠯᠡᠯᠳᠡ ᠬᠢᠵᠣ ᠣᠷᠣᠯᠳᠣᠪᠠ᠃ ᠦᠷᠦ ᠵᠦᠭᠡᠯᠡᠨ ᠦᠭᠬᠢᠶᠡᠮᠣᠷ ᠰᠡᠳᠬᠢᠯ ᠲᠠᠢ ᠨᠣᠭᠤᠨᠽᠠᠨᠳᠠᠨ ᠡᠬᠡ ᠦᠭᠡᠢ | ᠦᠨᠦᠴᠢᠨ ᠴᠡᠩᠭᠡᠯᠪᠦᠷᠢᠨ ᠬᠦᠦ ᠶᠢ ᠠᠷᠪᠠᠨ ᠭᠡᠳᠦᠳᠠᠢ ᠠᠴᠠ ᠨᠢ ᠭᠠᠷ ᠤᠨ ᠱᠠᠪᠢ ᠪᠠᠨ ᠪᠣᠯᠭᠠᠵᠣ ᠠᠷᠪᠠᠨ ᠵᠢᠯ ᠲᠠᠭᠠᠭᠤᠯᠣᠨ ᠦᠪᠡᠷ ᠤᠨ ᠦᠷ᠎ᠡ ᠪᠠᠨ ᠰᠢᠭ | ᠬᠠᠶᠢᠷᠠᠯᠠᠨ ᠰᠠᠨᠠᠵᠣ᠂ ᠡᠷᠳᠡᠮ ᠮᠡᠷᠭᠡᠵᠢᠯ ᠢᠶᠠᠨ ᠬᠠᠷᠠᠮ ᠦᠭᠡᠢ ᠶᠡᠭᠦᠯᠡᠨ ᠰᠣᠷᠭᠠᠵᠣ᠂ 2014 ᠣᠨ ᠳᠤ ᠠᠵᠢᠯ ᠦᠢᠯᠡᠰ ᠢᠶᠠᠨ ᠦᠷᠭᠡᠳᠭᠡᠵᠣ ᠰᠢᠨ᠎ᠡ ᠲᠡᠯᠭᠡᠭᠦᠷ | ᠨᠡᠭᠡᠭᠡᠬᠦ ᠪᠣᠯᠣᠭᠠᠳ ᠬᠤᠪᠢ ᠶᠢᠨ ᠬᠠᠭᠤᠴᠢᠨ ᠲᠡᠯᠭᠡᠭᠦᠷ ᠢᠶᠠᠨ ᠬᠠᠶᠢᠷᠠᠳᠠᠢ ᠱᠠᠪᠢ ᠴᠡᠩᠭᠡᠯᠪᠦᠷᠢᠨ ᠳᠡᠭᠡᠨ ᠦᠭᠴᠣ ᠡᠵᠡᠩᠨᠡᠭᠦᠯᠣᠨ᠂ ᠪᠠᠰᠨ ᠴᠬᠢᠯᠭᠠᠨ ᠮᠠᠰᠢᠨ | ᠭᠡᠷᠡᠭᠰᠡᠯ ᠬᠤᠳᠠᠯᠳᠣᠨ ᠠᠪᠴᠣ ᠦᠭᠭᠦᠨ᠂ ᠪᠠᠶ᠎ᠠ ᠪᠠᠨ ᠲᠠᠭᠠᠭᠠᠵᠣ ᠦᠢᠯᠡᠰ ᠪᠣᠰᠬᠠᠬᠤ ᠲᠠᠷᠳᠠᠩ ᠵᠠᠮ ᠳᠤ ᠨᠢ ᠣᠷᠣᠭᠤᠯᠪᠠ᠃ ᠲᠡᠭᠡᠭᠡᠳ ᠴᠡᠩᠭᠡᠯᠪᠦᠷᠢᠨ ᠴᠦ | ᠥᠪᠡᠷ ᠤᠨ ᠭᠡᠰᠡᠨ ︽ᠴᠡᠩᠭᠡᠯ ᠮᠣᠩᠭᠤᠯ ᠬᠤᠪᠴᠠᠰᠣ ᠵᠠᠰᠠᠯ ᠤᠨ ᠳᠡᠯᠭᠡᠭᠦᠷ︾ ᠪᠠᠶᠢᠭᠤᠯᠣᠨ᠂ ᠡᠨᠡᠷᠢᠯᠳᠣ ᠪᠠᠭᠰᠢ ᠶᠢᠨ ᠢᠶᠠᠨ ᠬᠠᠶᠢᠷᠠᠯᠠᠨ ᠰᠣᠷᠭᠠᠵᠣ ᠲᠡᠳᠭᠦᠨ | ᠲᠡᠮᠵᠢᠭᠰᠡᠨ ᠠᠴᠢ ᠶᠢ ᠬᠦᠰᠡᠷᠳᠡᠭᠦᠯᠦᠯ ᠦᠭᠡᠢ ᠣᠯᠠᠮ ᠴᠢᠷᠮᠠᠶᠢᠨ ᠬᠤᠸᠠᠷ ᠬᠠᠳᠬᠤᠮᠠᠯ ᠳᠤ ᠰᠢᠭᠤᠳᠣᠭᠠᠳ ᠪᠠᠭ᠋ᠠᠷᠣᠮ᠎ᠠ ᠪᠦᠳᠦᠭᠡᠯ ᠲᠠᠢ ᠬᠢᠯᠠᠷᠠᠭᠤᠯᠵᠣ ᠮᠠᠰᠢ ᠣᠯᠠᠨ | ᠭᠠᠶᠢᠬᠠᠮᠰᠢᠭ ᠢ ᠡᠭᠦᠳᠪᠡ᠃ | ︽ᠪᠠᠭ᠎ᠠ ᠨᠠᠰᠣᠨ ᠳᠤᠷ ᠡᠷᠳᠡᠮ ᠰᠣᠷᠪᠠᠰᠣ ᠦᠷᠯᠦᠭᠡ ᠶᠢᠨ ᠨᠠᠷᠠᠨ ᠮᠡᠳᠣ︾ ᠭᠡᠮᠡᠬᠦ ᠠᠷᠠᠳ ᠤᠨ ᠴᠡᠴᠡᠨ ᠦᠭᠡ ᠪᠠᠶᠢᠳᠠᠭ᠃ ᠪᠠᠯᠴᠢᠷ ᠵᠢᠭᠠᠯ ᠠᠴᠠ | ᠪᠠᠨ ᠵᠡᠭᠦᠦ ᠣᠳᠠᠰᠣ ᠲᠠᠢ ᠬᠠᠨᠢᠯᠠᠭᠰᠠᠭᠠᠷ ᠴᠡᠩᠭᠡᠯᠪᠦᠷᠢᠨ ᠲᠢᠭ ᠲᠠᠢ ᠬᠠᠳᠬᠤᠬᠤ᠂ ᠰᠠᠮᠨᠠᠵᠣ ᠬᠠᠳᠬᠤᠬᠤ᠂ ᠱᠠᠳᠣᠯᠠᠵᠣ ᠬᠠᠳᠬᠤᠬᠤ᠂ ᠬᠦᠭᠡᠭᠡᠵᠣ ᠬᠠᠳᠬᠤᠬᠤ᠂ | ᠵᠠᠭᠠᠭᠯᠠᠵᠣ ᠬᠠᠳᠬᠤᠬᠤ᠂ ᠨᠡᠬᠡᠮᠡᠯᠯᠡᠵᠣ ᠬᠠᠳᠬᠤᠬᠤ᠂ ᠴᠣᠭᠤᠴᠢᠵᠣ ᠬᠠᠳᠬᠤᠬᠤ᠂ ᠣᠶᠠᠯᠳᠣᠭᠤᠯᠵᠣ ᠬᠠᠳᠬᠤᠬᠤ᠂ ᠬᠠᠨᠠᠴᠢᠯᠠᠵᠣ ᠬᠠᠳᠬᠤᠬᠤ᠂ ᠰᠢᠳᠦᠯᠡᠵᠣ | ᠬᠠᠳᠬᠤᠬᠤ᠂ ᠲᠠᠮᠣᠵᠣ ᠬᠠᠳᠬᠤᠬᠤ᠂ ᠨᠠᠭᠠᠮᠠᠯ ᠨᠠᠭᠠᠬᠤ᠂ ᠲᠠᠷᠣᠵᠣ ᠣᠶᠣᠬᠤ ᠠᠷᠭ᠎ᠠ ᠣᠯᠠᠨ ᠠᠷᠭ᠎ᠠ ᠳᠤ ᠮᠡᠷᠭᠡᠰᠢᠨ ᠴᠠᠭᠠᠷᠠᠵᠣ᠂ ︽ᠬᠠᠳᠬᠤᠮᠠᠯ ᠤᠨ ᠴᠡᠩᠭᠡᠯ︾ | ᠭᠡᠬᠦ ᠰᠠᠶᠢᠬᠠᠨ ᠠᠯᠳᠡᠷ ᠨᠡᠷ᠎ᠡ ᠨᠢ ᠬᠤᠯᠨ ᠦᠢᠷ᠎ᠠ ᠳᠠᠭᠠᠨ ᠲᠠᠷᠬᠠᠵᠠᠢ᠃ ᠲᠡᠭᠦᠨ ᠤ ᠲᠣᠷᠭᠠᠨ ᠤᠲᠠᠰᠤ ᠪᠠᠷ ᠤᠷᠠᠯᠠᠨ ᠣᠶᠣᠭᠰᠠᠨ ᠬᠤᠪᠴᠠᠰᠤᠨ ᠤ ᠡᠩᠭᠡᠷ᠂ ᠠᠷᠤ | ᠳᠦᠭᠦᠷᠡᠩ ᠰᠠᠶᠢᠬᠠᠨ ᠮᠠᠨᠳᠠᠷᠠᠸ᠎ᠠ ᠴᠡᠴᠡᠭ ᠪᠠ ᠳᠠᠯᠠᠢ ᠲᠠᠩᠭᠢᠰ ᠤᠨ ᠳᠠᠪᠠᠯᠭᠠᠨ ᠰᠢᠬ ᠤᠰᠤᠨ ᠬᠤᠷᠮᠣᠢ ᠶᠢ ᠥᠩᠭᠡ ᠢᠯᠭᠠᠷᠠᠭᠤᠯᠣᠨ ᠬᠠᠳᠬᠤᠭᠰᠠᠨ ᠣᠯᠠᠨ | ᠣᠯᠠᠨ ᠡᠮᠡᠭᠲᠡᠢ ᠶᠢᠨ ᠬᠤᠪᠴᠠᠰᠤ ᠵᠠᠰᠠᠯ ᠤᠨ ᠬᠠᠳᠬᠤᠮᠠᠯ ᠣᠷᠠᠯᠠᠯ ᠨᠢ ᠦᠩᠭᠡ ᠨᠢ ᠬᠤᠷᠴᠨ ᠪᠠᠶᠢᠵᠣ᠂ ᠯᠣᠣ ᠭᠠᠷᠣᠳᠢ᠂ ᠣᠰᠣᠨ ᠰᠢᠪᠠᠭᠤ᠂ ᠵᠦᠢᠯ ᠤᠨ ᠠᠮᠢᠳᠠᠨ | ᠂ ᠲᠦᠷᠪᠡᠨ ᠴᠠᠭ ᠤᠨ ᠴᠡᠴᠡᠭ ᠨᠠᠪᠴᠢ ᠶᠢ ᠣᠯᠠᠨ ᠪᠠᠭᠳᠠᠭᠠᠵᠠᠢ᠃ ᠦᠪᠡᠷᠮᠢᠴᠨ ᠣᠶᠣᠳᠠᠯ ᠣᠷᠠᠯᠠᠯ ᠨᠢ ᠨᠡᠶᠢᠭᠡᠮ ᠨᠡᠶᠢᠳᠡ ᠳᠤ ᠮᠡᠳᠡᠷᠡᠭᠳᠡᠨ᠂ ᠲᠦᠮᠡᠨ ᠣᠯᠠᠨ | ᠤ ᠲᠠᠭᠠᠰᠢᠶᠠᠯ ᠳᠤ ᠬᠦᠷᠴᠣ᠂ 2010 ᠣᠨ ᠳᠤ ︽ᠪᠠᠭᠠᠷᠢᠨ ᠲᠡᠨᠢᠬᠢᠷ ᠬᠤᠨᠳᠠᠭᠠᠲᠤ︾ ᠮᠣᠩᠭᠤᠯ ᠬᠤᠪᠴᠠᠰᠤ ᠵᠠᠰᠠᠯ ᠤᠨ ᠤᠷᠤᠯᠳᠤᠭᠠᠨ ᠳᠤ ᠭᠤᠷᠪᠠᠳᠤᠭᠠᠷ | ᠳᠡᠰ ᠤᠨ ᠱᠠᠩᠨᠠᠯ ᠬᠦᠷᠳᠡᠵᠣ᠂ 2013 ᠣᠨ ᠤ ᠨᠠᠮᠣᠷ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠠᠴᠠ ᠡᠷᠭᠢᠯᠡᠭᠰᠡᠨ ︽ᠪᠠᠭᠠᠷᠢᠨ ᠲᠡᠨᠢᠬᠢᠷ | ᠬᠤᠨᠳᠠᠭᠠᠲᠤ︾ ᠮᠣᠩᠭᠤᠯ ᠦᠨᠳᠦᠰᠦᠲᠡᠨ ᠤ ᠬᠤᠪᠴᠠᠰᠤ ᠵᠠᠰᠠᠯ ᠤᠨ ᠤᠷᠤᠯᠳᠤᠭᠠᠨ ᠳᠤ ᠭᠤᠷᠪᠠᠳᠤᠭᠠᠷ ᠳᠡᠰ ᠤᠨ ᠱᠠᠩᠨᠠᠯ ᠭᠥᠷᠳᠡᠪᠡ︔ 2014 ᠣᠨ ᠤ | ᠪᠠᠭᠠᠷᠢᠨ ᠪᠠᠷᠠᠭᠤᠨ ᠬᠤᠰᠢᠭᠤᠨ ᠤ ᠲᠠᠪᠤᠳᠤᠭᠠᠷ ᠬᠤᠭᠤᠴᠠᠭᠠᠨ ᠤ ᠮᠣᠩᠭᠤᠯ ᠬᠤᠪᠴᠠᠰᠤ ᠵᠠᠰᠠᠯ ᠤᠨ ᠤᠷᠤᠯᠳᠤᠭᠠᠨ ᠳᠤ ᠨᠢᠭᠡᠳᠦᠭᠡᠷ ᠳᠡᠰ ᠤᠨ ᠱᠠᠩᠨᠠᠯ ᠭᠥᠷᠳᠡᠵᠦ᠂ | 2015 ᠣᠨ ᠳᠤ ᠠᠩᠬᠠᠳᠤᠭᠠᠷ ᠬᠤᠭᠤᠴᠠᠭᠠᠨ ᠤ ᠤᠯᠠᠭᠠᠨᠬᠠᠳᠠ ᠳᠡᠭᠡᠳᠦ ᠰᠤᠷᠭᠠᠭᠤᠯᠢ ᠶᠢᠨ ᠰᠢᠷ᠎ᠠ ᠮᠥᠷᠡᠨ ᠤ ᠰᠠᠪᠠ ᠭᠠᠵᠠᠷ ᠤᠨ ᠰᠣᠶᠣᠯ ᠤᠨ ᠰᠤᠳᠤᠯᠭᠠᠨ ᠤ | ᠬᠦᠷᠢᠶᠡᠯᠡᠩ ᠤᠨ ᠡᠷᠳᠡᠮ ᠰᠢᠨᠵᠢᠯᠡᠭᠡᠨ ᠰᠣᠶᠣᠯ ᠤᠨ ᠠᠵᠢᠯᠯᠠᠭᠠᠨ ᠳᠤ ᠣᠷᠣᠯᠴᠠᠭᠠᠳ ᠬᠤᠶᠠᠳᠤᠭᠠᠷ ᠳᠡᠰ ᠤᠨ ᠱᠠᠩᠨᠠᠯ ᠭᠥᠷᠳᠡᠪᠡ︔ 2017 ᠣᠨ ᠳᠤ᠂ | ᠦᠨᠳᠦᠰᠦᠳᠡᠨ ᠤ ᠣᠯᠠᠮᠵᠢᠯᠠᠯ ᠰᠣᠶᠣᠯ ᠭᠠᠷ ᠣᠷᠠᠯᠠᠯ ᠤᠨ ᠦᠢᠯᠡᠰ ᠲᠤ ᠲᠣᠪᠣᠶᠢᠮ᠎ᠠ ᠪᠦᠳᠦᠭᠡᠯ ᠭᠠᠷᠭᠠᠯ᠎ᠠ ᠭᠡᠮᠡᠨ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ | ᠰᠣᠶᠣᠯ ᠤᠷᠠᠯᠢᠭ ᠤᠨ ᠨᠥᠬᠦᠷᠯᠡᠯ ᠤᠨ ᠬᠤᠯᠪᠣᠭ᠎ᠠ ᠶᠢᠨ ︽ᠮᠥᠩᠭᠦᠨ ᠬᠠᠶᠢᠷᠠᠭᠤᠴᠠᠶ ᠱᠠᠩᠨᠠᠯ︾ ᠢ ᠲᠣᠰᠴᠣ᠂ ᠲᠣᠰ ᠵᠢᠯ ᠤᠨ ᠰᠠᠶᠢᠬᠠᠨ ᠬᠠᠨ ᠠᠭᠤᠯᠠ ᠶᠢᠨ | ᠣᠪᠣᠭᠠᠨ ᠨᠠᠶᠢᠷ ᠤᠨ ᠦᠨᠳᠦᠰᠦᠲᠡᠨ ᠤ ᠤᠯᠠᠮᠵᠢᠯᠠᠯᠲᠤ ᠭᠠᠷ ᠤᠷᠠᠯᠠᠯ ᠤᠨ ᠪᠦᠲᠦᠭᠡᠭᠳᠡᠬᠦᠨ ᠤ ᠤᠷᠤᠯᠳᠤᠭᠠᠨ ᠳᠤ ᠨᠢᠭᠡᠳᠦᠭᠡᠷ ᠳᠡᠰ ᠤᠨ ᠱᠠᠩᠨᠠᠯ ᠬᠦᠷᠲᠡᠵᠣ᠂ ᠪᠠᠰᠨ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠳᠥᠷᠪᠡᠳᠦᠭᠡᠷ ᠬᠤᠭᠤᠴᠠᠭᠠᠨ ᠤ ᠬᠤᠪᠴᠠᠰᠤ ᠵᠠᠰᠠᠯ ᠤᠨ ᠨᠠᠶᠢᠷ ᠲᠤ ᠤᠯᠠᠮᠵᠢᠯᠠᠯᠲᠤ ᠬᠤᠪᠴᠠᠰᠤ | ᠵᠠᠰᠠᠯ ᠤᠨ ᠬᠤᠶᠠᠳᠤᠭᠠᠷ ᠳᠡᠰ ᠤᠨ ᠱᠠᠩᠨᠠᠯ ᠭᠥᠷᠳᠡᠪᠡ︔ 2018 ᠣᠨ ᠤ ᠤᠯᠠᠭᠠᠨᠬᠠᠳᠠ ᠬᠤᠲᠠ ᠶᠢᠨ ᠠᠩᠬᠠᠳᠤᠭᠠᠷ ᠬᠤᠭᠤᠴᠠᠭᠠᠨ ᠤ ᠮᠣᠩᠭᠤᠯ ᠬᠤᠪᠴᠠᠰᠤ | ᠵᠠᠰᠠᠯ ᠤᠨ ᠤᠷᠠᠯᠢᠭ ᠤᠨ ᠨᠠᠶᠢᠷ ᠲᠤ ᠨᠢᠭᠡᠳᠦᠭᠡᠷ ᠲᠡᠰ ᠤᠨ ᠱᠠᠩᠨᠠᠯ ᠭᠥᠷᠳᠡᠵᠣ᠂ ᠮᠦᠨ ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ | ᠲᠠᠪᠤᠳᠤᠭᠠᠷ ᠬᠤᠭᠤᠴᠠᠭᠠᠨ ᠮᠣᠩᠭᠤᠯ ᠬᠤᠪᠴᠠᠰᠤ ᠵᠠᠰᠠᠯ ᠤᠨ ᠤᠷᠠᠯᠢᠭ ᠤᠨ ᠨᠠᠶᠢᠷ ᠲᠤ ᠤᠯᠠᠭᠠᠨᠬᠠᠳᠠ ᠬᠤᠳᠠ ᠪᠠᠨ ᠲᠥᠯᠥᠭᠡᠯᠡᠨ ᠤᠷᠤᠯᠳᠤᠭᠠᠨ ᠳᠤ ᠣᠷᠣᠯᠴᠠᠵᠤ᠂ | ᠡᠯ᠎ᠡ ᠠᠶᠢᠮᠠᠭ ᠬᠤᠳᠠ ᠠᠴᠠ ᠢᠷᠡᠭᠰᠡᠨ ᠪᠢᠱᠢᠭᠦᠢ ᠣᠯᠠᠨ ᠣᠷᠠᠴᠣᠳ ᠲᠠᠢ ᠦᠷᠢᠰᠦᠯᠳᠦᠵᠣ᠂ ᠡᠴᠣᠰ ᠤᠨ ᠰᠢᠶᠳᠪᠦᠷᠢᠲᠦ ᠤᠷᠤᠯᠳᠤᠭᠠᠨ ᠤ ᠠᠯᠲᠠᠨ ᠱᠠᠩᠨᠠᠯ | ᠤᠯᠪᠠ᠂ ᠡᠨᠡ ᠨᠢ ᠮᠥᠨ ᠴᠦ ᠤᠯᠠᠭᠠᠨᠬᠠᠳᠠ ᠬᠤᠲᠠ ᠠᠴᠠ ᠲᠣᠰ ᠲᠦᠷᠦᠯ ᠤᠨ ᠤᠷᠤᠯᠳᠤᠭᠠᠨ ᠳᠤ ᠣᠷᠣᠯᠴᠠᠭᠰᠠᠨ ᠠᠷᠪᠠᠨ ᠲᠠᠪᠤᠨ ᠵᠢᠯ ︵ᠬᠤᠭᠤᠴᠠᠭ᠎ᠠ︶ ᠤᠨ | ᠲᠣᠷᠰᠢᠬᠢ ᠬᠠᠮᠤᠭ ᠠᠩᠬᠠᠨ ᠤ ᠠᠯᠲᠠᠨ ᠱᠠᠩᠨᠠᠯ ᠬᠦᠷᠳᠡᠭᠰᠡᠨ ᠶᠠᠪᠤᠳᠠᠯ ᠪᠣᠯᠵᠣ ᠲᠡᠮᠳᠡᠭᠯᠡᠭᠳᠡᠪᠡ᠃ ᠲᠡᠭᠦᠨ ᠤ ᠲᠦᠰᠦᠪᠯᠡᠵᠣ ᠣᠷᠠᠯᠠᠭᠰᠠᠨ ᠮᠣᠩᠭᠤᠯ ᠬᠤᠪᠴᠠᠰᠣ | ᠨᠢ ᠮᠦᠨ ᠬᠤᠭᠤᠴᠠᠭᠠᠨ ᠤ ᠣᠷᠠᠯᠢᠭ ᠤᠨ ᠨᠠᠶᠢᠷ ᠤᠨ ︽ᠣᠬᠢ ᠰᠣᠳᠣᠨ ᠪᠦᠳᠦᠭᠡᠯ︾ ᠢᠶᠠᠷ ᠰᠣᠩᠭᠤᠭᠳᠠᠪᠠ᠃ ᠲᠣᠰ ᠵᠢᠯ ᠤᠨ ᠡᠴᠣᠰ ᠲᠤ ᠪᠣᠯᠣᠭᠰᠠᠨ | ᠰᠢᠷᠠᠮᠥ᠋ᠷᠡᠨ ᠤ ᠰᠠᠪᠠ ᠭᠠᠵᠠᠷ ᠤᠨ ᠮᠣᠩᠭᠤᠯ ᠬᠠᠳᠬᠤᠮᠠᠯ ᠪᠠ ᠮᠣᠩᠭᠤᠯ ᠬᠤᠪᠴᠠᠰᠤ ᠵᠠᠰᠠᠯ ᠤᠨ ᠰᠣᠶᠣᠯ ᠤᠨ ᠦᠵᠡᠭᠦᠯᠦᠯᠭᠡ ᠳᠤ ᠲᠡᠭᠦᠨ ᠤ ᠣᠶᠣᠵᠣ ᠣᠷᠠᠯᠠᠭᠰᠠᠨ | ᠪᠠᠭᠠᠷᠢᠨ ᠬᠤᠪᠴᠠᠰᠤ ᠵᠠᠰᠠᠯ ᠨᠢ ᠮᠣᠩᠭᠤᠯ ᠬᠠᠳᠬᠤᠮᠠᠯ ᠤᠨ ᠲᠥᠯᠥᠭᠡᠯᠡᠬᠦ ᠴᠢᠨᠠᠷᠲᠠᠶ ᠪᠦᠲᠦᠭᠡᠯ ᠢᠶᠠᠷ ᠴᠣᠯᠭᠤᠷᠠᠨ ᠦᠨᠡᠯᠡᠭᠳᠡᠭᠰᠡᠨ ᠪᠠᠶᠢᠨ᠎ᠠ︔ 2020 ᠣᠨ ᠤ | ᠨᠠᠮᠣᠷ᠂ ᠤᠯᠠᠭᠠᠨᠬᠠᠳᠠ ᠬᠤᠲᠠ ᠶᠢᠨ ᠭᠤᠷᠪᠠᠳᠤᠭᠠᠷ ᠬᠤᠭᠤᠴᠠᠭᠠᠨ ᠤ ᠮᠣᠩᠭᠤᠯ ᠬᠤᠪᠴᠠᠰᠤ ᠵᠠᠰᠠᠯ ᠤᠨ ᠤᠷᠠᠯᠢᠭ ᠤᠨ ᠨᠠᠶᠢᠷ ᠤᠨ ᠣᠳᠣ ᠦᠶ᠎ᠡ ᠶᠢᠨ ᠬᠤᠪᠴᠠᠰᠤ | ᠵᠠᠰᠠᠯ ᠤᠨ ᠠᠯᠲᠠᠨ ᠮᠧᠳᠠᠯ ᠢ ᠭᠥᠷᠳᠡᠵᠦ᠂ ᠲᠣᠰ ᠵᠢᠯ ᠤᠨ11 ᠰᠠᠷ᠎ᠠ ᠳᠤ ᠪᠣᠯᠣᠭᠰᠠᠨ ᠳᠤᠮᠳᠠᠳᠤ ᠤᠯᠤᠰ ᠤᠨ ᠮᠣᠩᠭᠤᠯ ᠬᠤᠪᠴᠠᠰᠤ ᠵᠠᠰᠠᠯ ᠤᠨ ᠤᠷᠠᠯᠢᠭ ᠤᠨ | ᠨᠠᠶᠢᠷ ᠲᠤ ᠣᠳᠣ ᠦᠶ᠎ᠡ ᠶᠢᠨ ᠬᠤᠪᠴᠠᠰᠤ ᠵᠠᠰᠠᠯ ᠤᠨ ᠭᠠᠤᠯᠢᠨ ︵ᠵᠡᠰ︶ ᠱᠠᠩᠨᠠᠯ ᠭᠥᠷᠳᠡᠵᠠᠢ᠃ | | | | | ᠪᠠᠭᠠᠷᠢᠨ ᠪᠠᠷᠠᠭᠤᠨ ᠬᠤᠰᠢᠭᠤᠨ ᠤ ᠦᠨᠳᠦᠰᠦᠳᠡᠨ ᠤ ᠭᠠᠷ ᠦᠢᠯᠡᠳᠭᠡᠯ ᠤᠨ ᠲᠦᠪ ᠤᠨ ᠬᠤᠶᠠᠳᠣᠭᠠᠷ ᠲᠡᠭᠳᠡᠷ ᠲᠤ ᠲᠡᠭᠦᠨ ᠤ ᠡᠵᠡᠩᠨᠡᠵᠣ ᠪᠠᠶᠢᠭ᠎ᠠ | ᠮᠣᠩᠭᠤᠯ ᠬᠤᠪᠴᠠᠰᠣ ᠵᠠᠰᠠᠯ ᠤᠨ ᠠᠭᠤᠳᠠᠮ ᠦᠷᠦᠭᠡ ᠳᠤ ᠵᠦᠢᠯ ᠤᠨ ᠮᠣᠩᠭᠤᠯ ᠲᠡᠪᠡᠯ ᠲᠡᠷᠯᠢᠭ ᠲᠡᠯᠭᠡᠭᠳᠡᠵᠣ᠂ ᠪᠦᠳᠦᠭᠡᠭᠳᠡᠭᠦᠨ ᠨᠢ ᠬᠤᠯᠨ ᠦᠢᠷ᠎ᠠ ᠶᠢᠨ | ᠭᠡᠷᠡᠭᠯᠡᠭᠴᠢᠳ ᠲᠤ ᠲᠠᠭᠠᠯᠠᠭᠳᠠᠵᠣ᠂ ᠭᠠᠷ ᠣᠶᠣᠳᠠᠯ ᠲᠡᠭᠡᠷ᠎ᠡ ᠬᠤᠸᠠᠷ ᠬᠠᠳᠬᠤᠵᠣ ᠪᠠᠶᠢᠭ᠎ᠠ᠂ ᠬᠠᠪᠣᠵᠣ ᠪᠠᠶᠢᠭ᠎ᠠ᠂ ᠦᠵᠦᠮᠦᠴᠢᠨ ᠣᠭᠠᠯᠵᠨ ᠶᠢᠨ ᠢᠷ ᠲᠠᠷᠣᠵᠣ | ᠪᠠᠶᠢᠭ᠎ᠠ ᠭᠤᠷᠪᠠᠨ ᠬᠦᠮᠦᠨ ᠪᠠᠶᠢᠵᠣ᠂ ᠪᠠᠶᠢᠩᠭᠤ ᠭᠤᠷᠪᠠᠨ ᠱᠠᠪᠢ ᠠᠵᠢᠯᠴᠢᠨ ᠲᠠᠢ ᠪᠣᠯᠵᠠᠢ᠃ ᠲᠡᠭᠦᠨ ᠤ ᠬᠠᠳᠬᠤᠮᠠᠯ ᠣᠷᠠᠯᠢᠭ ᠤᠨ ᠦᠩᠭᠡ ᠨᠢ ᠬᠤᠷᠴᠨ᠂ | ᠲᠠᠪᠠᠭᠤᠯᠣᠯ ᠭᠡᠬᠡᠳᠦᠷᠡᠭᠦᠯᠦᠯ ᠤᠨ ᠦᠩᠭᠡ ᠪᠣᠳᠤᠭ ᠢᠶᠠᠷ ᠦᠪᠡᠷ ᠤᠨ ᠬᠠᠶᠢᠷ᠎ᠠ ᠰᠡᠳᠬᠢᠯᠭᠡ ᠪᠠᠨ ᠰᠢᠩᠭᠡᠭᠡᠵᠣ ᠣᠷᠠᠯᠠᠳᠠᠭ ᠠᠵᠢ᠃ ᠣᠷᠠᠨ ᠬᠠᠳᠬᠤᠮᠠᠯ | ᠬᠠᠳᠬᠤᠵᠣ ᠴᠢᠳᠠᠳᠠᠭ ᠭᠡᠣᠬᠡᠨᠴᠣᠳ ᠡᠳᠦᠭᠡ ᠵᠢᠭᠠᠬᠠᠨ ᠣᠯᠠᠰᠢᠷᠠᠵᠣ ᠪᠠᠶᠢᠪᠠᠴᠣ ᠴᠡᠩᠭᠡᠯᠪᠦᠷᠢᠨ ᠰᠢᠭ ᠡᠷᠡᠭᠳᠡᠢ ᠣᠷᠠᠨ ᠬᠠᠳᠬᠤᠮᠠᠯᠴᠢᠨ ᠡᠳᠦᠷ ᠤᠨ ᠣᠳᠣ ᠯᠨ | ᠭᠡᠵᠢ ᠮᠡᠳᠡ᠃ ᠲᠡᠭᠦᠨ ᠤ ᠣᠷᠠᠯᠠᠵᠣ ᠣᠶᠣᠭᠰᠠᠨ ᠠᠷᠢᠶᠠᠳᠠᠨ ᠵᠢᠭᠦᠷᠳᠡᠨ᠂ ᠴᠡᠴᠡᠭ ᠬᠤᠸᠡᠷ᠂ ᠯᠣᠣ ᠭᠠᠷᠣᠳᠢ ᠶᠢᠨ ᠬᠠᠳᠬᠤᠮᠠᠯ ᠨᠢ ᠲᠡᠭᠦᠯᠢᠨ ᠲᠡᠪᠳᠡᠷᠢᠵᠣ | ᠮᠦᠰᠢᠶᠡᠨ ᠵᠣᠮᠠᠯᠵᠠᠵᠣ ᠪᠠᠶᠢᠮᠠᠷ ᠰᠢᠭ᠋ ᠡᠳᠡᠭᠡᠳ ᠭᠤᠶᠣ ᠬᠠᠷᠠᠭᠳᠠᠵᠣ᠂ ᠮᠣᠩᠭᠤᠯ ᠦᠨᠳᠦᠰᠦᠳᠡᠨ ᠤ ᠦᠪᠡᠷᠮᠢᠴᠨ ᠭᠡᠪ ᠨᠠᠮᠪᠠ ᠶᠢ ᠪᠦᠷᠢᠨ ᠬᠦᠢᠴᠡᠳ ᠬᠠᠳᠠᠭᠠᠯᠠᠨ | ᠣᠯᠠᠮᠵᠢᠯᠠᠵᠣ ᠴᠢᠳᠠᠵᠠᠢ᠃ ᠲᠡᠷᠨ ᠨᠠᠭᠠᠴᠣ ᠡᠮᠡᠭᠡ ᠳᠡᠭᠡᠨ ᠦᠪᠴᠢ ᠬᠤᠳᠬᠤᠮᠠᠯ ᠬᠤᠸᠠᠷ ᠲᠠᠢ ᠮᠣᠩᠭᠤᠯ ᠬᠤᠪᠴᠠᠰᠣ ᠣᠶᠣᠵᠣ ᠡᠮᠣᠰᠭᠡᠨ᠂ ᠪᠠᠰᠨ ᠨᠡᠶᠢᠭᠡᠮ | ᠨᠡᠶᠢᠳᠡ ᠳᠤ ᠲᠣᠰᠨ ᠲᠠᠢ ᠶᠠᠪᠣᠳᠠᠯ ᠬᠢᠵᠣ᠂ ᠠᠴᠢ ᠬᠠᠷᠢᠭᠤᠯᠬᠤ ᠶᠢ ᠪᠠᠷᠢᠮᠳᠠᠯᠠᠵᠣ᠂ ᠦᠷᠭᠦᠯᠵᠢ ᠰᠣᠮᠣ ᠪᠠᠯᠭᠠᠰᠣ ᠬᠦᠳᠡᠭᠡ ᠲᠣᠰᠬᠤᠨ ᠢᠶᠠᠷ ᠬᠦᠷᠴᠣ ᠠᠵᠢᠯ ᠤᠨ | ᠴᠢᠯᠦᠭᠡᠨ ᠤ ᠮᠠᠯᠴᠢᠨ ᠣᠶᠣᠳᠠᠯᠴᠢᠨ ᠨᠠᠷ ᠲᠤ ᠪᠣᠯᠪᠠᠰᠣᠷᠡᠯ ᠬᠦᠷᠳᠡᠭᠡᠨ᠂ ᠣᠷ᠎ᠠ ᠮᠡᠷᠭᠡᠵᠢᠯ ᠢᠶᠠᠨ ᠵᠢᠭᠠᠵᠣ ᠶᠠᠭᠠᠷᠠᠨ ᠶᠠᠪᠣᠵᠣ᠂ ᠬᠦᠮᠦᠰ ᠤᠨ ᠬᠦᠰᠡᠯ ᠨᠠᠶᠢᠳᠠᠯᠭ᠎ᠠ | ᠶᠢ ᠬᠤᠶᠢᠰᠢ ᠦᠭᠡᠢ ᠬᠦᠯᠢᠶᠡᠨ ᠠᠪᠴᠣ᠂ ᠬᠥᠬᠡᠬᠤᠲᠠ ᠶᠢᠨ ᠰᠢᠨᠠᠪᠠᠭᠠᠳᠣᠷ ᠠᠵᠢᠯ ᠮᠡᠷᠭᠡᠵᠢᠯ ᠤᠨ ᠰᠤᠷᠭᠠᠭᠤᠯᠢ ᠶᠢᠨ ᠤᠷᠢᠯᠭ᠎ᠠ ᠪᠠᠷ ᠬᠠᠷᠢ ᠠᠯᠣᠰ ᠵᠠᠷᠣᠳ | ᠬᠤᠰᠢᠭᠤᠨ ᠳᠤ ᠬᠦᠷᠴᠣ ᠦᠨᠳᠦᠰᠦᠳᠡᠨ ᠤ ᠬᠤᠪᠴᠠᠰᠣ ᠵᠠᠰᠠᠯ ᠤᠨ ᠪᠣᠯᠪᠠᠰᠣᠷᠡᠯ ᠤᠨ ᠠᠩᠬᠢ ᠳᠤ ᠣᠷᠠᠨ ᠬᠠᠳᠬᠤᠮᠠᠯ ᠤᠨ ᠬᠢᠴᠢᠶᠡᠯ ᠲᠠᠶᠢᠯᠣᠮᠵᠢ ᠮᠡᠷᠭᠡᠵᠢᠯ | ᠣᠯᠠᠮᠵᠢᠯᠠᠨ ᠲᠣᠰᠠᠯᠠᠭᠰᠠᠨ ᠣᠳᠠᠭ᠎ᠠ ᠲᠠᠢ᠃ ᠲᠡᠷᠨ ᠦᠢᠷ᠎ᠠ ᠶᠢᠨ ᠭᠡᠳᠣᠨ ᠵᠢᠯ ᠳᠤ᠂ ᠣᠷᠢᠳ ᠬᠤᠵᠢᠳ ᠣᠯᠠᠭᠠᠨᠬᠠᠳᠠ ᠬᠤᠳᠠ ᠶᠢᠨ ᠨᠢᠩᠴᠧᠩ ᠰᠢᠶᠠᠨ ᠤ | ᠮᠣᠩᠭᠤᠯ ᠭᠡᠣᠭᠡᠳ ᠤᠨ ᠴᠡᠴᠡᠷᠯᠢᠭ ᠲᠤ ᠬᠤᠷᠢᠨ ᠵᠠᠬ᠎ᠠ ᠲᠡᠷᠯᠢᠭ ᠪᠡᠯᠭᠡᠯᠡᠵᠣ᠂ ᠵᠢᠷᠭᠠᠯ ᠤᠨ ᠵᠠᠮ ᠰᠣᠮᠣ ᠶᠢᠨ ᠨᠠᠰᠣᠳᠠᠨ ᠢ ᠠᠰᠠᠷᠠᠬᠤ ᠭᠠᠵᠠᠷ ᠪᠠᠭᠠᠷᠢᠨ | ᠦᠨᠳᠦᠰᠦᠳᠡᠨ ᠤ ᠭᠠᠷ ᠣᠷᠠᠴᠣᠳ ᠤᠨ ᠨᠡᠶᠢᠭᠡᠮᠯᠢᠭ ᠤᠨ ᠬᠠᠰᠭᠡᠷᠡᠯ ᠲᠠᠷᠤᠭ᠎ᠠ ᠲᠠᠢ ᠪᠠᠨ ᠬᠠᠮᠳᠣᠷᠠᠨ ᠭᠤᠴᠢᠨ ᠵᠠᠬ᠎ᠠ ᠮᠣᠩᠭᠤᠯ ᠬᠤᠪᠴᠠᠰᠣ ᠬᠦᠷᠭᠡᠵᠣ᠂ ᠦᠮᠦᠭ | ᠲᠦᠰᠢᠭ ᠦᠭᠡᠢ ᠭᠤᠣᠨᠢ ᠭᠠᠭᠴᠨ ᠪᠡᠶ᠎ᠡ ᠨᠠᠰᠣᠳᠠᠳ ᠲᠤ ᠲᠣᠯᠠᠭᠠᠨ ᠬᠠᠯᠠᠭᠤᠨ ᠬᠠᠯᠠᠮᠵᠢ ᠬᠠᠶᠢᠷ᠎ᠡ ᠪᠠᠨ ᠢᠯᠡᠳᠭᠡᠵᠡᠢ᠃ | ᠪᠡᠶ᠎ᠡ ᠭᠠᠯᠪᠢᠷ ᠭᠤᠪᠠᠢ ᠵᠢᠰᠦ ᠴᠢᠷᠠᠢ ᠭᠤᠸᠠᠯᠢᠭ᠂ ᠨᠢᠭᠤᠷ ᠲᠡᠭᠡᠨ ᠢᠨᠢᠶᠡᠳᠣ ᠲᠠᠢ ᠨᠢᠳᠣᠨ ᠳᠡᠭᠡᠨ ᠭᠠᠯ ᠲᠠᠢ ᠴᠡᠩᠭᠡᠯᠪᠦᠷᠢᠨ ᠵᠠᠯᠠᠭᠤ᠂ ᠣᠳᠣ ᠪᠠᠭᠠᠷᠢᠨ | ᠦᠨᠳᠦᠰᠦᠳᠡᠨ ᠤ ᠭᠠᠷ ᠣᠷᠠᠴᠣᠳ ᠤᠨ ᠨᠡᠶᠢᠭᠡᠮᠯᠢᠭ ᠤᠨ ᠬᠠᠮᠢᠶᠠᠷᠣᠯᠳᠠ ᠶᠢᠨ ᠵᠦᠪᠯᠡᠯ ᠤᠨ ᠬᠢᠨᠠᠯᠳᠠ ᠲᠠᠯᠪᠢᠭᠴᠢ ᠭᠡᠰᠢᠭᠦᠨ᠂ ᠪᠠᠭᠠᠷᠢᠨ ᠮᠣᠩᠭᠤᠯ ᠬᠤᠪᠴᠠᠰᠣ | ᠵᠠᠰᠠᠯ ᠤᠨ ᠨᠡᠶᠢᠭᠡᠮᠯᠢᠭ ᠤᠨ ᠳᠡᠳ᠋ ᠲᠠᠷᠤᠭ᠎ᠠ ᠵᠡᠷᠭᠡ ᠨᠡᠶᠢᠭᠡᠮ ᠤᠨ ᠲᠣᠰᠢᠶᠠᠯ ᠢ ᠬᠠᠷᠢᠭᠤᠴᠠᠵᠣ᠂ ᠠᠵᠢᠯ ᠨᠢᠭᠡᠳᠡᠳ ᠢᠶᠠᠨ ᠲᠠᠭᠠᠭᠤᠯᠣᠨ ᠲᠠᠶᠢᠴᠢᠯᠠᠵᠣ᠂ ᠮᠣᠩᠭᠤᠯ | ᠬᠤᠪᠴᠠᠰᠣ ᠵᠠᠰᠠᠯ ᠤᠨ ᠣᠯᠠᠨ ᠣᠯᠠᠨ ᠦᠵᠡᠭᠦᠯᠦᠯᠭᠡ ᠪᠣᠯᠪᠠᠰᠣᠷᠡᠯ ᠠᠵᠢᠯᠯᠠᠭᠠᠨ ᠳᠤ ᠢᠳᠡᠪᠬᠢᠯᠡᠨ ᠣᠷᠣᠯᠴᠠᠳᠠᠭ ᠪᠦᠭᠡᠳ ᠲᠡᠯᠭᠡᠷᠡᠵᠣ ᠪᠠᠶᠢᠭ᠎ᠠ ᠵᠠᠯᠠᠭᠤ ᠶᠢᠨ | ᠵᠢᠪᠬᠤᠭ᠎ᠠ ᠪᠠᠨ ᠪᠠᠳᠠᠷᠠᠭᠤᠯᠣᠨ ᠴᠢᠯᠦᠭᠡ ᠵᠠᠪ ᠢᠶᠠᠷ ᠢᠶᠠᠨ ᠮᠣᠩᠭᠤᠯ ᠬᠤᠪᠴᠠᠰᠤ ᠵᠠᠰᠠᠯ ᠢᠶᠠᠷ ᠢᠶᠠᠨ ᠭᠤᠶᠣᠭᠠᠳ ᠮᠣᠳᠧᠯ ᠠᠯᠬᠤᠬᠤ ᠳᠤᠷᠠᠲᠠᠢ ᠪᠠᠶᠢᠵᠣ᠂ ︽ | ᠰᠠᠶᠢᠬᠠᠨ ᠳ᠋ᠠ︾ ︽ᠮᠠᠯᠴᠢᠨ ᠲᠦᠮᠡᠨ ᠨᠠᠮ ᠢᠶᠠᠨ ᠲᠠᠭᠤᠯᠠᠨ᠎ᠠ︾ ᠵᠡᠷᠭᠡ ᠲᠠᠭᠤᠣ ᠶᠢ ᠦᠷᠭᠦᠯᠵᠢ ᠠᠶᠠᠯᠣᠭᠤᠯᠵᠣ ᠶᠠᠪᠣᠨ᠂ ᠣᠷᠠᠨ ᠰᠠᠶᠢᠬᠠᠨ ᠤ ᠤᠷᠤᠯᠳᠤᠭᠠᠨ | ᠮᠥᠷᠥᠶ᠋ᠢᠴᠡᠭᠡᠨ ᠨᠠᠭᠠᠳᠣᠮ ᠲᠣᠭᠯᠠᠭᠠᠮ ᠳᠤ ᠣᠷᠣᠯᠴᠠᠨ ᠨᠠᠶᠢᠷᠠᠯ ᠳᠠᠭᠤᠤ ᠭᠤᠴᠣᠯᠠᠯ ᠳᠠᠭᠤᠤ ᠶᠢᠨ ᠦᠵᠡᠭᠦᠯᠦᠯᠭᠡ ᠲᠣᠭᠯᠠᠯᠳᠠ ᠳᠤ ᠣᠯᠠᠨ ᠣᠷᠣᠳᠠᠭ ᠰᠠᠨ᠃ | | | | | ᠲᠡᠷᠨ ᠦᠪᠡᠷ ᠤᠨ ᠰᠢᠨᠳᠠᠷᠠᠰᠢ ᠦᠭᠡᠢ ᠰᠣᠷᠣᠯᠭ᠎ᠠ ᠴᠢᠷᠮᠠᠶᠢᠯᠭ᠎ᠠ ᠪᠠᠷ ᠢᠶᠠᠨ 2017 ᠣᠨ ᠳᠤ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ | ᠠᠵᠢᠯ ᠮᠡᠷᠭᠡᠵᠢᠯ ᠤᠨ ᠬᠢᠨᠠᠨ ᠲᠣᠭᠳᠠᠭᠠᠯᠳᠠ ᠬᠠᠮᠢᠶᠠᠷᠣᠯᠳᠠ ᠶᠢᠨ ᠲᠦᠪ ᠤᠨ ︽ᠠᠵᠢᠯ ᠮᠡᠷᠭᠡᠵᠢᠯ ︵ᠠᠵᠢᠯ ᠲᠦᠷᠦᠯ︶ ᠵᠢᠴᠢ ᠵᠡᠷᠭᠡ ᠲᠡᠰ ᠤᠨ ᠠᠷᠠᠰᠣ ᠰᠢᠷᠢ | ᠪᠣᠯᠪᠠᠰᠣᠷᠠᠭᠤᠯᠬᠤ ᠠᠵᠢᠯᠴᠢᠨ ᠤ ᠬᠤᠶᠠᠳᠣᠭᠠᠷ ᠲᠡᠰ︾ ᠤᠨ ᠦᠨᠡᠮᠯᠡᠯ ᠢ ᠭᠠᠷᠳᠠᠵᠠᠢ᠃ ᠣᠯᠠᠭᠠᠨᠬᠠᠳᠠ ᠲᠡᠭᠡᠳᠦ ᠰᠣᠷᠭᠠᠭᠤᠯᠢ ᠨᠢ ᠰᠢᠷᠠᠮᠥ᠋ᠷᠡᠨ ᠤ ᠰᠠᠪᠠ ᠲᠠᠭᠠᠣ | ᠣᠷᠣᠨ ᠤ ᠮᠣᠩᠭᠤᠯ ᠭᠠᠷ ᠣᠷᠠᠯᠠᠯ ᠣᠷᠠᠨ ᠬᠠᠳᠬᠤᠮᠠᠯ ᠤᠨ ᠣᠷ᠎ᠠ ᠮᠡᠷᠭᠡᠵᠢᠯ ᠢ ᠭᠦᠨᠵᠡᠭᠡᠢ ᠠᠭᠤᠳᠠᠯᠣᠨ ᠢᠯᠡᠷᠡᠭᠦᠯᠵᠣ᠂ ᠬᠠᠮᠠᠭᠠᠯᠠᠨ ᠬᠦᠭᠵᠢᠭᠦᠯᠵᠣ᠂ ᠣᠯᠠᠮᠵᠢᠯᠠᠨ | ᠵᠠᠯᠭᠠᠮᠵᠢᠯᠠᠬᠤ ᠪᠠᠷ ᠵᠣᠷᠢᠯᠳᠠ ᠪᠣᠯᠭᠠᠵᠣ᠂ 2018 ᠣᠨ ᠳᠤ᠂ ᠪᠠᠭᠠᠷᠢᠨ ᠪᠠᠷᠠᠭᠤᠨ ᠬᠤᠰᠢᠭᠤᠨ ᠳᠤ ︿︿ᠰᠢᠷᠠᠮᠥ᠋ᠷᠡᠨ ᠮᠣᠩᠭᠤᠯ ᠣᠷᠠᠨ ᠭᠠᠷ ᠣᠷᠠᠯᠠᠯ ᠤᠨ | ᠲᠠᠳᠣᠯᠭ᠎ᠠ ᠪᠣᠯᠪᠠᠰᠣᠷᠠᠯ ᠤᠨ ᠰᠠᠭᠤᠷᠢᠨ ᠭᠠᠵᠠᠷ﹀﹀ ᠪᠠᠶᠢᠭᠤᠯᠵᠣ᠂ ︽ᠬᠠᠳᠬᠤᠮᠠᠯ ᠤᠨ ᠴᠡᠩᠭᠡᠯ﹀﹀ ᠤᠨ ᠠᠮᠵᠢᠯᠳᠠ ᠪᠦᠳᠦᠭᠡᠯ ᠲᠣᠪᠣᠶᠢᠮ᠎ᠠ ᠳᠤ ᠪᠢᠰᠢᠷᠡᠨ | ᠨᠠᠶᠢᠳᠠᠵᠣ᠂ ᠭᠤᠴᠢᠨ ᠨᠠᠰᠣᠳᠠᠢ ᠴᠡᠩᠭᠡᠯᠪᠦᠷᠢᠨ ᠵᠠᠯᠠᠭᠤ ᠶᠢ ᠣᠯᠠᠭᠠᠨᠬᠠᠳᠠ ᠲᠡᠭᠡᠳᠣ ᠰᠣᠷᠭᠠᠭᠤᠯᠢ ᠶᠢᠨ ᠢᠶᠠᠨ ︽ᠣᠨᠴᠨ ᠣᠷᠢᠭᠰᠠᠨ ᠫᠧᠷᠣᠹᠰᠰᠣᠷ︾ ᠢᠶᠠᠷ | ᠣᠷᠢᠵᠠᠢ᠃ ᠲᠡᠭᠡᠭᠡᠳ ᠠᠵᠢᠯ ᠨᠢᠭᠡᠳᠡᠨ ᠪᠣᠯᠣᠨ ᠦᠶ᠎ᠡ ᠬᠤᠷᠠᠭ ᠤᠨ ᠬᠢᠨ ᠲᠡᠭᠦᠨ ᠢ ︽ᠮᠠᠨ ᠤ ᠵᠠᠯᠠᠭᠤ ᠫᠧᠷᠣᠹᠰᠰᠣᠷ︾ ᠬᠡᠮᠡᠨ ᠴᠦ ᠮᠠᠭᠳᠠᠵᠠᠭᠠᠳᠠᠭ ᠪᠣᠯᠵᠠᠢ᠃ | 2020 ᠣᠨ ᠳᠤ᠂ ᠬᠤᠰᠢᠭᠤ ᠬᠤᠳᠠ ᠦᠪᠡᠷᠳᠡᠭᠡᠨ ᠵᠠᠰᠠᠬᠤ ᠣᠷᠣᠨ ᠤ ᠱᠠᠳᠣ ᠲᠠᠷᠠᠭᠠᠯᠠᠨ ᠬᠢᠨᠠᠨ ᠲᠣᠭᠳᠠᠭᠠᠵᠣ ᠲᠠᠨᠢᠯᠴᠠᠭᠤᠯᠣᠨ ᠲᠡᠪᠰᠢᠭᠦᠯᠬᠦ ᠪᠠᠷ ᠲᠠᠮᠵᠢᠨ᠂ | ᠲᠡᠭᠦᠨ ᠤ ᠣᠷᠠᠯᠠᠵᠣ ᠣᠶᠣᠭᠰᠠᠨ ᠡᠷᠲᠡᠨ ᠤ ᠮᠠᠶᠢᠬ ᠤᠨ ᠡᠮᠡᠭᠲᠡᠢ ᠶᠢᠨ ᠤᠰᠤᠨ ᠬᠤᠷᠮᠣᠢ ᠲᠠᠢ ᠣᠣᠵᠢ᠂ ᠡᠷᠲᠡᠨ ᠤ ᠮᠠᠶᠢᠬ ᠤᠨ ᠡᠮᠡᠭᠲᠡᠢ ᠶᠢᠨ ᠤᠰᠤᠨ | ᠬᠤᠷᠮᠣᠢ ᠲᠠᠢ ᠬᠤᠪᠴᠠᠰᠤ᠂ ᠪᠠᠭᠠᠷᠢᠨ ᠮᠠᠶᠢᠬ ᠤᠨ ᠮᠠᠨᠳᠠᠷᠠᠸ᠎ᠠ ᠴᠡᠴᠡᠭᠳᠦ ᠡᠮᠡᠭᠲᠡᠢ ᠶᠢᠨ ᠣᠣᠵᠢ ᠵᠡᠷᠭᠡ ᠲᠦᠷᠪᠡᠨ ᠵᠠᠬ᠎ᠠ ᠬᠤᠪᠴᠠᠰᠣ ᠨᠢ ᠮᠢᠩᠭᠠᠨ ᠤ ᠲᠣᠳᠣᠷ᠎ᠠ | ᠠᠴᠠ ᠮᠠᠩᠯᠠᠶᠢᠯᠠᠵᠣ ᠲᠦᠮᠡᠨ ᠤ ᠲᠣᠳᠣᠷ᠎ᠠ ᠲᠦᠷᠦᠬᠦᠯᠡᠨ ᠲᠣᠮᠳᠠᠳᠣ ᠣᠯᠣᠰ ᠤᠨ ᠭᠠᠷ ᠣᠷᠠᠯᠠᠯ ᠣᠷᠠᠨ ᠵᠢᠷᠤᠭ ᠤᠨ ᠣᠷᠳᠣᠨ ᠳᠤ ᠬᠤᠷᠢᠶᠠᠨ ᠬᠠᠳᠠᠭᠠᠯᠠᠭᠳᠠᠵᠠᠢ᠃ | ᠬᠦᠬᠡᠳᠠᠪᠠᠯᠭᠠᠨ |