ᠣᠯᠠᠮᠵᠢᠯᠠᠯ ᠰᠣᠶᠣᠯ ᠢᠶᠠᠷ ᠰᠢᠵᠢᠮᠯᠡᠭᠰᠡᠨ ᠣᠷᠠᠨ ᠬᠠᠳᠬᠠᠮᠠᠯ ᠤᠨ ᠪᠣᠯᠪᠠᠰᠣᠷᠡᠯ
ᠨᠡᠶᠢᠲᠡᠯᠡᠭᠰᠡᠨ ᠴᠠᠭ᠄
2023/5/16
       ᠰᠠᠷᠠᠭᠤᠯ ᠠᠭᠤᠳᠠᠮ ᠬᠦᠳᠡᠭᠡ ᠲᠠᠯ᠎ᠠ ᠶᠢᠨ ᠭᠤᠣᠯ ᠣᠰᠣᠨ᠎ᠠ ᠣᠷᠠᠨ ᠰᠢᠪᠠᠭᠤᠳ ᠵᠢᠷᠬᠢᠨ ᠲᠣᠩᠭᠤᠳᠣᠵᠣ᠂  ᠰᠠᠶᠢᠬᠠᠨ ᠬᠠᠨ ᠤ ᠠᠭᠤᠯᠨ ᠨᠢᠷᠣᠭᠤᠳ ᠲᠤ ᠬᠤᠷᠴᠨ ᠣᠯᠠᠭᠠᠨ ᠴᠡᠴᠡᠭ ᠪᠠᠳᠠᠷᠠᠨ ᠲᠡᠯᠭᠡᠷᠡᠭᠰᠡᠨ ᠪᠠᠭᠠᠷᠢᠨ ᠨᠣᠳᠤᠭ ᠤᠨ ᠵᠣᠨ ᠤ ᠡᠬᠢᠨ ᠤ ᠡᠭᠡᠯᠢᠳᠣ ᠣᠯᠠᠷᠢᠯ ᠶᠠᠭᠤᠳᠠᠢ ᠭᠤᠶᠣᠬᠠᠨ᠃
微信图片_20230516152422.jpg
微信图片_20230516152429.jpg
微信图片_20230516152435.jpg
     ᠬᠦᠳᠡᠭᠡ ᠲᠣᠰᠬᠤᠨ ᠢ ᠬᠦᠭᠵᠢᠭᠦᠯᠦᠨ ᠮᠠᠨᠳᠣᠭᠤᠯᠬᠤ ᠳᠤ ᠬᠦᠴᠦ ᠨᠡᠮᠡᠷᠢᠯᠡᠵᠣ᠂ ᠦᠪ ᠶᠡᠬᠡᠳᠡᠢ ᠲᠣᠮᠳᠠᠳᠣ ᠶᠢᠨ ᠦᠨᠳᠦᠰᠦᠳᠡᠨ ᠤ ᠣᠯᠠᠮᠵᠢᠯᠠᠯ ᠰᠣᠶᠣᠯ ᠤᠨ ᠨᠢᠭᠡᠨ ᠪᠣᠳᠠ ᠰᠣᠷᠭᠤᠭ ᠴᠡᠴᠡᠭ ᠪᠣᠯᠣᠭᠰᠠᠨ ᠮᠣᠩᠭᠤᠯ ᠦᠨᠳᠦᠰᠦᠳᠡᠨ ᠤ ᠣᠯᠠᠮᠵᠢᠯᠠᠯᠳᠣ ᠬᠠᠳᠬᠤᠮᠠᠯ ᠣᠷᠠᠯᠠᠯ ᠢᠶᠠᠨ ᠨᠡᠶᠢᠭᠡᠮ ᠨᠡᠶᠢᠳᠡ ᠳᠡᠭᠡᠨ ᠣᠬᠠᠭᠤᠯᠣᠨ ᠲᠠᠨᠢᠭᠤᠯᠵᠣ᠂ ᠵᠠᠯᠭᠠᠮᠵᠢᠯᠠᠨ ᠬᠦᠭᠵᠢᠭᠦᠯᠬᠦ ᠪᠠᠷ ᠵᠣᠷᠢᠯᠳᠠ ᠪᠣᠯᠭᠠᠭᠰᠠᠨ ︽ᠪᠣᠳᠠᠰ ᠤᠨ ᠪᠣᠰᠣ ᠰᠣᠶᠣᠯ ᠤᠨ ᠦᠪ ᠢ ᠦᠨᠳᠦᠰᠦᠨ ᠱᠠᠳᠣᠨ ᠳᠤ ᠭᠦᠨᠵᠡᠭᠡᠶᠢᠷᠡᠭᠦᠯᠵᠣ᠂ ᠣᠷ᠎ᠠ ᠮᠡᠷᠭᠡᠵᠢᠯ ᠢ ᠲᠦᠮᠡᠨ ᠡᠷᠦᠭᠡ ᠳᠤ ᠬᠦᠷᠭᠡᠬᠦ︾ ᠵᠠᠬᠢᠶᠠᠯᠠᠭ᠎ᠠ ᠶᠢᠨ ᠬᠡᠯᠪᠡᠷᠢ ᠶᠢᠨ ᠪᠣᠯᠪᠠᠰᠣᠷᠡᠯ ᠤᠨ ᠠᠩᠬᠢ᠂ 4 ᠰᠠᠷ᠎ᠠ ᠶᠢᠨ 8᠎ ᠤ ᠡᠳᠦᠷ ᠠᠴᠠ15᠎ ᠤ ᠡᠳᠦᠷ ᠪᠣᠯᠳᠠᠯ᠎ᠠ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠤᠨ ᠵᠠᠮ ᠰᠣᠮᠣ ᠶᠢᠨ  ᠬᠦᠳᠡᠭᠡ ᠲᠣᠰᠬᠤᠨ ᠢ ᠬᠦᠭᠵᠢᠭᠦᠯᠦᠨ ᠮᠠᠨᠳᠣᠭᠤᠯᠬᠤ ᠭᠠᠷ ᠣᠷᠠᠯᠠᠯ ᠤᠨ ᠪᠦᠳᠦᠭᠡᠭᠳᠡᠭᠦᠨ ᠤ ᠠᠵᠣ ᠦᠢᠯᠡᠰ ᠤᠨ ᠰᠠᠭᠤᠷᠢᠨ ᠭᠠᠵᠠᠷ ᠲᠤ ᠠᠮᠵᠢᠯᠳᠠ ᠲᠦᠭᠦᠷᠡᠩ  ᠪᠣᠯᠪᠠ᠃
微信图片_20230516152443.jpg
微信图片_20230516152454.jpg
微信图片_20230516152459.jpg
微信图片_20230516152708.jpg
     ᠲᠣᠰ ᠣᠳᠠᠭᠠᠨ ᠤ ᠣᠷᠠᠨ ᠬᠠᠳᠬᠤᠮᠠᠯ ᠤᠨ ᠪᠣᠯᠪᠠᠰᠣᠷᠠᠯ ᠤᠨ ᠠᠩᠬᠢ ᠨᠢ ᠵᠢᠷᠭᠠᠯ ᠤᠨ ᠵᠠᠮ ᠰᠣᠮᠣ ᠶᠢᠨ ᠨᠠᠮ ᠤᠨ ᠬᠤᠷᠢᠶ᠎ᠠ ᠠᠷᠠᠳ ᠤᠨ ᠵᠠᠰᠠᠭ ᠤᠨ ᠣᠷᠳᠣᠨ ᠤ ᠪᠠᠨ ᠬᠦᠴᠦᠳᠣ ᠲᠡᠮᠵᠢᠯᠭᠡ ᠶᠢ ᠣᠯᠵᠣ᠂ ᠭᠤᠣᠯ ᠣᠳᠣᠷᠢᠳᠣᠯᠭ᠎ᠠ ᠴᠢᠬᠤᠯᠠᠴᠢᠯᠠᠨ ᠬᠠᠯᠠᠮᠵᠢᠯᠠᠵᠣ᠂ ᠪᠣᠯᠪᠠᠰᠣᠷᠡᠯ ᠤᠨ ᠠᠩᠬᠢ ᠪᠠᠨ ᠰᠠᠶᠢᠳᠣᠷ ᠡᠷᠬᠢᠯᠡᠬᠦ ᠎ ᠶᠢᠨ ᠲᠦᠯᠦᠭᠡ᠂ ᠣᠩᠨᠢᠭᠤᠳ ᠬᠤᠰᠢᠭᠤᠨ ᠤ ︽ᠠᠯᠢᠶᠠᠬᠦᠦ ᠦᠨᠳᠦᠰᠦᠳᠡᠨ ᠤ ᠬᠤᠪᠴᠠᠰᠣ ᠵᠠᠰᠠᠯ ᠢ ᠣᠷᠠᠯᠠᠵᠣ ᠣᠶᠣᠬᠤ ᠬᠢᠵᠠᠭᠠᠷᠳᠣ ᠺᠣᠮᠫᠠᠨᠢ︾᠎ ᠶᠢᠨ ᠶᠡᠷᠦᠩᠬᠡᠢ ᠬᠡᠷᠡᠭ ᠮᠡᠳᠡᠭᠴᠢ᠂ ᠶᠡᠷᠦᠩᠬᠡᠢ ᠵᠢᠷᠣᠵᠣ ᠲᠦᠰᠦᠪᠯᠡᠭᠴᠢ᠂ ᠮᠣᠩᠭᠤᠯ ᠬᠠᠳᠬᠤᠮᠠᠯ ︵ᠣᠩᠨᠢᠭᠤᠳ︶ ᠦᠨᠳᠦᠰᠦᠳᠡᠨ ᠤ ᠬᠠᠪᠴᠠᠰᠣ ᠵᠠᠰᠠᠯ ᠤᠨ ᠵᠢᠷᠤᠭ ᠲᠦᠯᠦᠪᠯᠡᠭᠴᠢ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠪᠣᠳᠠᠰ ᠤᠨ ᠪᠣᠰᠣ ᠰᠣᠶᠣᠯ ᠤᠨ ᠦᠪ ᠤᠨ ᠣᠯᠠᠮᠵᠢᠯᠠᠭᠴᠢ ᠠᠯᠢᠶᠠᠬᠦᠦ ᠶᠢ ᠣᠷᠢᠵᠣ ᠬᠢᠴᠢᠶᠡᠯ ᠲᠠᠶᠢᠯᠣᠮᠵᠢ ᠬᠢᠯᠭᠡᠵᠣ᠂ ᠬᠠᠳᠬᠤᠮᠠᠯ ᠣᠷᠠᠯᠠᠯ ᠤᠨ ᠮᠡᠳᠡᠯᠭᠡ ᠮᠡᠷᠭᠡᠵᠢᠯ ᠢ ᠣᠯᠠᠮᠵᠢᠯᠠᠭᠤᠯᠵᠠᠢ᠃ ᠣᠷᠠᠨ ᠬᠠᠳᠬᠤᠮᠠᠯ ᠮᠣᠩᠭᠤᠯ ᠣᠶᠣᠳᠠᠯ ᠤᠨ ᠲᠣᠷ᠎ᠠ ᠪᠠᠭ᠋ᠠᠳᠠᠢ ᠭᠠᠴᠠᠭ᠎ᠠ ᠲᠣᠰᠬᠤᠨ ᠤ ᠮᠠᠯᠴᠢᠨ ᠲᠠᠷᠢᠶᠠᠴᠢᠨ ᠠᠶᠢᠯ ᠤᠨ 16 ᠨᠡᠷ᠎ᠡ ᠰᠣᠷᠣᠯᠭᠠᠳᠠᠨ ᠣᠷᠣᠯᠴᠠᠵᠣ ᠰᠦᠢᠳᠭᠡᠯ ᠭᠡᠯᠳᠦᠷᠢᠭᠦᠯᠦᠨ ᠪᠣᠯᠪᠠᠰᠣᠷᠡᠯ ᠬᠦᠷᠳᠡᠭᠡᠵᠠᠢ ᠃ ᠬᠢᠴᠢᠶᠡᠯᠡᠭᠴᠢ ᠪᠠᠭᠰᠢ ᠠᠴᠠ ᠮᠣᠩᠭᠤᠯ ᠬᠤᠪᠴᠠᠰᠣ ᠵᠠᠰᠠᠯ ᠤᠨ ᠬᠠᠳᠬᠤᠮᠠᠯ ᠤᠨ ᠦᠪ ᠣᠯᠠᠮᠵᠢᠯᠠᠯ ᠪᠠ ᠲᠡᠭᠦᠨ ᠤ ᠰᠣᠶᠣᠯ ᠤᠨ ᠠᠭᠤᠯᠬᠤᠨ︔ ᠡᠮᠣᠰᠴᠣ ᠡᠳ᠋ᠯᠡᠬᠦ ᠶᠣᠰᠣ ᠵᠢᠷᠦᠮ᠂ ᠣᠯᠠᠮᠵᠢᠯᠠᠯᠳᠣ ᠬᠠᠳᠬᠤᠮᠠᠯ ᠤᠨ ᠲᠡᠣᠬᠡ ᠰᠣᠶᠣᠯ᠂ ᠬᠦᠭᠵᠢᠯᠳᠡ ᠶᠢᠨ ᠵᠢᠮ ᠵᠢᠴᠢ ᠬᠠᠨᠳᠣᠰᠢ︔ ᠮᠣᠩᠭᠤᠯ ᠣᠷᠠᠨ ᠬᠠᠳᠬᠤᠮᠠᠯ ᠤᠨ 126 ᠵᠦᠢᠯ ᠤᠨ ᠲᠣᠳᠣᠷᠠᠬᠢ ᠦᠷᠭᠦᠯᠵᠢ ᠬᠡᠷᠡᠭᠯᠡᠭᠳᠡᠳᠡᠭ 20 ᠵᠦᠢᠯ ᠤᠨ ᠬᠠᠳᠬᠤᠮᠠᠯ ᠤᠨ ᠠᠷᠭ᠎ᠠ︔ ᠭᠠᠷ ᠣᠷᠠᠯᠠᠯ ᠤᠨ ᠪᠦᠳᠦᠭᠡᠭᠳᠡᠭᠦᠨ ᠢ ᠰᠣᠶᠣᠯ ᠵᠢᠭᠤᠯᠴᠢᠯᠠᠯ ᠤᠨ ᠲᠠᠸᠠᠷ ᠪᠣᠯᠭᠠᠵᠣ ᠬᠦᠭᠵᠢᠭᠦᠯᠬᠦ︔ ᠵᠠᠬᠢᠶᠠᠯᠠᠭ᠎ᠠ ᠶᠢᠨ ᠬᠠᠭᠤᠳᠠᠰᠣ ᠶᠢ ᠬᠦᠯᠢᠶᠡᠨ ᠠᠪᠬᠤ᠂ ᠦᠪᠡᠷ ᠤᠨ ᠪᠦᠳᠦᠭᠡᠯ ᠢᠶᠠᠨ ᠲᠠᠸᠠᠷᠵᠢᠭᠤᠯᠣᠨ ᠭᠠᠷ  ᠪᠡᠯᠡᠭ ᠦᠢᠯᠡᠳᠬᠦ ᠣᠷ᠎ᠠ ᠲᠡᠮ ᠵᠡᠷᠭᠡ ᠪᠠᠶᠠᠯᠢᠭ ᠠᠭᠤᠯᠭ᠎ᠠ ᠲᠠᠢ᠂ ᠰᠢᠨ᠎ᠡ ᠰᠡᠪᠡᠭᠦᠨ ᠮᠡᠳᠡᠭᠡ ᠵᠠᠩᠬᠢ ᠲᠠᠢ ᠬᠤᠪᠣᠷ ᠴᠣᠬᠠᠭ ᠴᠢᠨᠠᠷᠵᠢᠭᠤᠨ ᠬᠢᠴᠢᠶᠡᠯ ᠪᠣᠯᠭᠠᠨ ᠡᠷᠬᠢᠯᠡᠵᠠᠢ᠃ ᠪᠣᠯᠪᠠᠰᠣᠷᠡᠯ ᠤᠨ ᠬᠤᠭᠤᠴᠠᠭᠠᠨ ᠳᠤ᠂ ᠰᠣᠷᠣᠯᠭᠠᠳᠠᠳ ᠤᠨ ᠡᠷᠡᠮᠡᠯᠵᠡᠯ ᠢᠶᠠᠷ ᠲᠡᠳᠡᠨᠡᠷ ᠲᠤ ᠨᠢᠵᠡᠭᠡᠳ ᠲᠣᠭᠠᠨ ᠤ ᠬᠠᠳᠬᠤᠮᠠᠯ ᠭᠠᠷ ᠣᠷᠠᠯᠠᠯ ᠤᠨ ᠪᠦᠳᠦᠭᠡᠭᠳᠡᠭᠦᠨ ᠤ ᠵᠠᠬᠢᠶᠠᠯᠠᠭ᠎ᠠ ᠶᠢᠨ ᠬᠠᠭᠤᠳᠠᠰᠣ ᠣᠯᠭᠤᠵᠣ᠂ ᠪᠠᠭᠰᠢ ᠰᠣᠷᠣᠯᠭᠠᠳᠠᠳ ᠪᠠᠰᠨ ︽ᠬᠤᠷᠴᠨ ᠣᠯᠠᠭᠠᠨ ᠴᠡᠴᠡᠭ ᠰᠣᠨᠢᠷᠬᠠᠬᠤ ᠨᠠᠶᠢᠷ︾᠎ ᠲᠤ ᠣᠷᠣᠯᠴᠠᠨ᠂ ᠪᠠᠭᠠᠷᠢᠨ ᠪᠠᠷᠠᠭᠤᠨ ᠬᠤᠰᠢᠭᠤᠨ ᠤ ᠵᠠᠩ ᠠᠭᠠᠯᠢ ᠶᠢᠨ ᠮᠦᠽᠧᠢ᠂  ᠪᠠᠷᠠᠭᠤᠨ ᠬᠤᠰᠢᠭᠤᠨ ᠤ ᠭᠡᠰᠡᠷ ᠤᠨ ᠣᠯᠠᠮᠵᠢᠯᠠᠨ ᠰᠣᠷᠬᠤ ᠭᠠᠵᠠᠷ ᠢᠶᠠᠷ ᠲᠣᠭᠤᠷᠢᠨ ᠦᠵᠡᠵᠣ ᠰᠣᠷᠣᠯᠴᠠᠵᠠᠢ᠃
微信图片_20230516152505.jpg
微信图片_20230516152532.jpg
微信图片_20230516152704.jpg
      ᠣᠷᠠᠨ ᠬᠠᠳᠬᠤᠮᠠᠯ ᠤᠨ ᠪᠣᠯᠪᠠᠰᠣᠷᠠᠯ ᠨᠢ ᠮᠠᠰᠢ ᠪᠠᠴᠢᠮ ᠶᠠᠭᠠᠷᠠᠯᠳᠠᠢ ᠪᠠᠭ᠋ᠠᠳᠣᠯ ᠬᠦᠭᠵᠢᠯᠳᠠᠢ ᠶᠠᠪᠣᠭᠳᠠᠵᠣ᠂ ᠨᠢᠭᠡᠨ ᠣᠳᠠᠭᠠᠨ ᠤ ᠦᠨᠳᠦᠰᠦᠳᠡᠨ ᠤ ᠭᠠᠷ ᠣᠷᠠᠯᠠᠯ ᠤᠨ ᠦᠢᠯᠡᠰ ᠤᠨ ᠬᠦᠭᠵᠢᠯᠳᠡ ᠳᠤ ᠲᠦᠯᠬᠢᠴᠨ ᠬᠦᠴᠦᠨ ᠪᠣᠯᠵᠣ᠂ ᠪᠠᠭᠠᠷᠢᠨ ᠪᠠᠷᠠᠭᠤᠨ ᠬᠤᠰᠢᠭᠤ ᠪᠣᠯᠣᠨ ᠪᠣᠰᠣᠳ ᠬᠤᠰᠢᠭᠤ ᠨᠣᠳᠤᠭ ᠤᠨ ᠰᠣᠶᠣᠯ ᠎ ᠤᠨ ᠰᠣᠯᠢᠯᠴᠠᠭ᠎ᠠ ᠶᠢ ᠠᠬᠢᠭᠤᠯᠬᠤ ᠳᠤ ᠲᠦᠷᠭᠡᠳᠭᠡᠬᠦ ᠦᠢᠯᠡᠳᠦᠯ ᠢᠶᠠᠨ ᠦᠵᠡᠭᠦᠯᠦᠭᠰᠡᠨ᠂ ᠭᠡᠰᠢᠭ ᠭᠡᠶᠢᠮᠣᠷᠢ ᠲᠠᠢ ᠭᠠᠨᠵᠤᠭ᠎ᠠ ᠲᠦᠭᠦᠷᠡᠩ ᠠᠴᠢ ᠲᠣᠰᠨ ᠲᠠᠢ ᠦᠢᠯᠨ ᠠᠵᠢᠯᠯᠠᠭᠠᠨ ᠪᠣᠯᠵᠣ ᠲᠡᠭᠦᠰᠪᠡ᠃ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠪᠠᠨ ᠬᠤᠶᠠᠳᠣᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠡᠯ ᠤᠨ ᠲᠦᠯᠦᠭᠡᠯᠡᠭᠴᠢ ᠠᠭᠰᠠᠨ᠂ ᠣᠳᠣ ᠪᠠᠷ ᠪᠠᠭᠠᠷᠢᠨ ᠪᠠᠷᠠᠭᠤᠨ ᠬᠤᠰᠢᠭᠤᠨ ᠤ ᠣᠯᠣᠰ ᠲᠦᠷᠦ ᠶᠢᠨ ᠵᠦᠪᠯᠡᠯᠡᠭᠡᠨ ᠤ ᠠᠷᠪᠠᠨ ᠨᠢᠭᠡᠳᠦᠭᠡᠷ ᠬᠤᠭᠤᠴᠠᠭᠠᠨ ᠤ ᠭᠡᠰᠢᠭᠦᠨ᠂ ᠪᠠᠭᠠᠷᠢᠨ ᠪᠠᠷᠠᠭᠤᠨ ᠬᠤᠰᠢᠭᠤᠨ ᠤ ᠭᠠᠷ ᠦᠢᠯᠡᠳᠭᠡᠯ ᠤᠨ ᠲᠦᠪ ᠤᠨ ᠬᠠᠣᠯᠢ ᠶᠢᠨ ᠡᠷᠭᠡᠳᠡᠨ᠂ ᠪᠠᠭᠠᠷᠢᠨ ᠪᠠᠷᠠᠭᠤᠨ ᠬᠤᠰᠢᠭᠤᠨ ᠤ ᠭᠠᠷ ᠣᠷᠠᠴᠣᠳ ᠤᠨ ᠨᠡᠶᠢᠭᠡᠮᠯᠢᠭ ᠤᠨ ᠲᠡᠷᠢᠭᠦᠯᠡᠭᠴᠢ᠂ ᠵᠢᠷᠭᠠᠯ ᠤᠨ ᠵᠠᠮ ᠰᠣᠮᠣ ᠶᠢᠨ ᠬᠦᠳᠡᠭᠡ ᠲᠣᠰᠬᠤᠨ ᠢ ᠬᠦᠭᠵᠢᠭᠦᠯᠦᠨ ᠮᠠᠨᠳᠣᠭᠤᠯᠬᠤ ᠭᠠᠷ ᠣᠷᠠᠯᠠᠯ ᠤᠨ ᠪᠦᠳᠦᠭᠡᠭᠳᠡᠭᠦᠨ ᠤ ᠠᠵᠣ ᠦᠢᠯᠡᠰ ᠤᠨ ᠰᠠᠭᠤᠷᠢᠨ ᠭᠠᠵᠠᠷ ᠤᠨ ᠬᠠᠷᠢᠭᠤᠴᠠᠭᠴᠢ᠂ ᠪᠠᠭᠠᠷᠢᠨ ᠮᠣᠩᠭᠤᠯ ᠬᠤᠪᠴᠠᠰᠣ ᠵᠠᠰᠠᠯ ᠤᠨ ᠲᠦᠯᠦᠭᠡᠯᠡᠭᠴᠢ ᠦᠪᠯᠡᠨ ᠣᠯᠠᠮᠵᠢᠯᠠᠭᠴᠢ ᠬᠠᠰᠭᠡᠷᠡᠯ ᠪᠣᠯᠪᠠᠰᠣᠷᠡᠯ ᠢ ᠰᠠᠨᠠᠭᠠᠴᠢᠯᠠᠨ ᠰᠡᠳᠦᠵᠣ ᠪᠡᠶᠡᠳᠡᠨ ᠭᠦᠢᠴᠡᠳᠭᠡᠵᠠᠢ᠃   ︵ᠬᠦᠬᠡᠳᠠᠪᠠᠯᠭᠠᠨ︶
微信图片_20230516152448.jpg
微信图片_20230516152825.jpg
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ