ᠪᠠᠭᠠᠷᠢᠨ ᠥᠬᠢᠨ ᠤᠷᠭᠤᠮᠠᠯ ᠠᠽᠢᠶ᠎ᠠ ᠲᠢᠪ ᠤᠨ ᠪᠡᠶ᠎ᠡ ᠶᠢᠨ ᠲᠠᠮᠢᠷ ᠤᠨ ᠴᠤᠭᠯᠠᠭᠠᠨ ᠳᠤ ᠤᠷᠤᠯᠴᠠᠬᠤ ᠪᠠᠷ ᠮᠤᠷᠳᠡᠯ᠎ᠠ
ᠨᠡᠶᠢᠲᠡᠯᠡᠭᠰᠡᠨ ᠴᠠᠭ᠄
2023/9/28
        ᠦᠢᠷ᠎ᠠ ᠳᠤ᠂ ᠳᠤᠮᠳᠠᠳᠤ ᠤᠯᠤᠰ ᠤᠨ ᠡᠮᠡᠭᠲᠡᠶ ᠶᠢᠨ ᠬᠥᠯ ᠪᠥᠮᠪᠦᠭᠡ ᠶᠢᠨ ᠠᠩᠭᠢ 19 ᠳ᠋ᠦᠭᠡᠷ ᠬᠤᠭᠤᠴᠠᠭᠠᠨ ᠤ ᠬᠠᠩᠵᠧᠦ ᠶᠢᠨ ᠠᠽᠢᠶ᠎ᠠ ᠲᠢᠪ ᠤᠨ ᠪᠡᠶ᠎ᠡ ᠶᠢᠨ ᠲᠠᠮᠢᠷ ᠤᠨ ᠴᠤᠭᠯᠠᠭᠠᠨ ᠳᠤ ᠣᠷᠣᠯᠴᠠᠬᠤ 22 ᠲᠠᠮᠢᠷᠴᠢᠨ ᠤ ᠨᠡᠷᠡᠰ ᠢ ᠨᠡᠶᠢᠳᠡᠯᠡᠪᠡ᠂ ᠲᠡᠭᠦᠨ ᠤ ᠳᠣᠲᠣᠷ᠎ᠠ ᠨᠢᠭᠡ ᠲᠠᠨᠢᠯ ᠲᠠᠰᠤᠯ ᠨᠡᠷ᠎ᠡ ᠪᠠᠶᠢᠨ᠎ᠠ᠂ ᠲᠡᠷᠡ ᠪᠣᠯ ᠪᠠᠭᠠᠷᠢᠨ ᠪᠠᠷᠠᠭᠤᠨ ᠬᠤᠰᠢᠭᠤᠨ ᠤ ᠨᠤᠲᠤᠭ ᠲᠠᠢ ᠲᠠᠮᠢᠷᠴᠢᠨ ᠤᠷᠭᠤᠮᠠᠯ  ᠪᠣᠯᠤᠨ᠎ᠠ᠃         ᠤᠷᠭᠤᠮᠠᠯ᠂ 1996 ᠣᠨ ᠳᠤ ᠪᠠᠭᠠᠷᠢᠨ ᠪᠠᠷᠠᠭᠤᠨ ᠬᠤᠰᠢᠭᠤᠨ ᠤ ᠪᠤᠷᠤᠠᠤᠰᠤ ᠪᠠᠯᠭᠠᠰᠤᠨ ᠤ ᠨᠢᠭᠡᠨ ᠡᠩ ᠤᠨ ᠮᠠᠯᠴᠢᠨ ᠤ ᠭᠡᠷ ᠲᠤ ᠲᠦᠷᠦᠵᠡᠢ᠃ ᠲᠡᠷᠡ ᠳᠤᠮᠳᠠᠳᠤ ᠰᠤᠷᠭᠠᠭᠤᠯᠢ ᠳᠤ ᠪᠠᠶᠢᠬᠤ ᠳᠠᠭᠠᠨ ᠬᠦᠯ ᠪᠥᠮᠪᠦᠭᠡ ᠶᠢᠨ ᠬᠥᠳᠡᠯᠭᠡᠭᠡᠨ ᠳᠤ ᠮᠠᠰᠢ ᠶᠡᠭᠡ ᠳᠤᠷ᠎ᠠ ᠰᠣᠨᠢᠷᠬᠠᠯ ᠲᠠᠢ ᠪᠠᠶᠢᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︽ᠬᠦᠯ ᠪᠥᠮᠪᠦᠭᠡ ᠶᠢᠨ ᠠᠪᠠᠭ᠋ᠠᠢ︾᠂ ︽ᠬᠠᠮᠤᠭ ᠰᠢᠯᠢᠳᠡᠭ ᠰᠤᠮᠤᠳᠠᠭᠴᠢ︾ ᠵᠡᠷᠭᠡ ᠢᠷᠠᠭᠤ ᠠᠯᠳᠠᠷ ᠢ ᠬᠦᠷᠳᠡᠵᠦ ᠥᠩᠭᠡᠷᠡᠪᠡ᠃ 2015 ᠣᠨ ᠠᠴᠠ ᠡᠬᠢᠯᠡᠨ᠂  ᠤᠷᠭᠤᠮᠠᠯ ᠲᠢᠶᠠᠨᠵᠢᠨ ᠤ ᠡᠮᠡᠭᠲᠡᠶ ᠶᠢᠨ ᠬᠥᠯ ᠪᠥᠮᠪᠦᠭᠡ ᠶᠢᠨ ᠠᠩᠭᠢ ᠳᠤ ᠣᠷᠣᠯᠴᠠᠵᠤ᠂ ᠲᠤᠰᠬᠠᠢ ᠮᠡᠷᠭᠡᠵᠢᠯ ᠤᠨ ᠵᠠᠮ ᠢ ᠨᠡᠭᠡᠭᠡᠪᠡ︔ 2018 ᠣᠨ ᠳᠤ ᠴᠠᠩᠴᠦ᠋ᠨ ᠤ ᠡᠮᠡᠭᠲᠡᠶ ᠶᠢᠨ ᠬᠥᠯ ᠪᠥᠮᠪᠦᠭᠡ ᠶᠢᠨ ᠠᠩᠭᠢ ᠳᠤ ᠤᠷᠤᠯᠴᠠᠪᠠ︔ 2019 ᠣᠨ ᠤ ᠰᠸᠧᠳᠧᠨ ᠤ U 23᠎ ᠤ ᠮᠠᠩᠯᠠᠶ ᠰᠢᠯᠭᠠᠷᠠᠭᠤᠯᠬᠤ ᠤᠷᠤᠯᠳᠤᠭᠠᠨ ᠳᠤ ᠣᠷᠣᠯᠴᠠᠪᠠ︔ 2020 ᠣᠨ ᠳᠤ ᠭᠤᠤᠯ ᠬᠦᠴᠦᠨ ᠤ ᠬᠤᠰᠢᠭᠤᠴᠢ ᠪᠣᠯᠤᠭᠰᠠᠨ ᠤᠷᠭᠤᠮᠠᠯ ᠡᠮᠡᠭᠲᠡᠶ ᠶᠢᠨ ᠬᠤᠯᠪᠣᠭᠠᠲᠤ ᠤᠷᠤᠯᠳᠤᠭᠠᠨ ᠳᠤ ᠣᠷᠣᠯᠴᠠᠭᠠᠳ ᠰᠠᠢᠨ ᠠᠮᠵᠢᠯᠲᠠ ᠣᠯᠪᠠ︔ 2021 ᠣᠨ ᠳᠤ ᠤᠷᠭᠤᠮᠠᠯ ᠠᠩᠬ᠎ᠠ ᠤᠳᠠᠭ᠎ᠠ ᠡᠮᠡᠭᠲᠡᠶ ᠶᠢᠨ ᠬᠥᠯ ᠪᠥᠮᠪᠦᠭᠡ ᠶᠢᠨ ᠤᠯᠤᠰ ᠤᠨ ᠠᠩᠭᠢ ᠳᠤ ᠰᠣᠩᠭᠤᠭᠳᠠᠭᠰᠠᠨ ᠪᠥᠭᠡᠳ ᠠᠩᠭᠢ ᠪᠠᠨ ᠲᠠᠭᠠᠨ ᠲᠣᠣᠺᠢᠣ᠋ ᠶᠢᠨ ᠣᠯᠢᠮᠫᠢᠺ ᠤᠨ ᠲᠠᠮᠢᠷ ᠤᠨ ᠴᠤᠭᠯᠠᠭᠠᠨ ᠳᠤ ᠣᠷᠣᠯᠴᠠᠪᠠ᠃ ᠡᠨᠡ ᠵᠢᠯ 27 ᠨᠠᠰᠤᠲᠠᠶ ᠤᠷᠭᠤᠮᠠᠯ ᠨᠢᠭᠡᠳᠦᠭᠡᠷ  ᠤᠯᠠᠷᠢᠯ ᠤᠨ ᠤᠷᠤᠯᠳᠤᠭᠠᠨ ᠤ ᠡᠮᠡᠭᠲᠡᠶ ᠶᠢᠨ ᠬᠡᠲᠦ ᠤᠷᠤᠯᠳᠤᠭᠠᠨ ᠤ ᠳᠤᠮᠳᠠ ᠭᠠᠷᠮᠠᠭᠠᠶ ᠢᠯᠡᠷᠡᠯ ᠲᠠᠢ ᠪᠠᠶᠢᠵᠤ᠂ ᠨᠡᠶᠢᠲᠡ 9 ᠪᠥᠮᠪᠦᠭᠡ ᠣᠷᠣᠭᠤᠯᠵᠤ ᠮᠥᠩᠭᠦᠨ ᠭᠤᠲᠤᠯ ᠤᠨ ᠱᠠᠩᠨᠠᠯ ᠣᠯᠵᠤ᠂ ᠲᠤᠰ ᠭᠠᠵᠠᠷ ᠤᠨ ︽ᠰᠤᠮᠤᠳᠠᠭᠴᠢ ᠸᠠᠩ︾ ᠢᠷᠠᠭᠤ ᠠᠯᠳᠠᠷ ᠢ ᠬᠦᠷᠲᠡᠪᠡ᠃ 2023 ᠡᠮᠡᠭᠲᠡᠶ ᠶᠢᠨ ᠬᠥᠯ ᠪᠥᠮᠪᠦᠭᠡ ᠶᠢᠨ ᠮᠠᠩᠯᠠᠶ ᠰᠢᠯᠭᠠᠷᠠᠭᠤᠯᠬᠤ ᠤᠷᠤᠯᠳᠤᠭᠠᠨ ᠤ ᠳᠠᠷᠠᠭ᠎ᠠ᠂ ᠤᠷᠭᠤᠮᠠᠯ 3 ᠪᠦᠮᠪᠦᠭᠡ ᠪᠠᠷ ᠶᠢᠨ ᠺᠦᠨ᠂ ᠬᠠᠨ ᠰᠢᠤᠸᠠᠨ᠂ ᠮᠠᠲ᠋ᠠ ᠵᠡᠷᠭᠡ ᠬᠥᠮᠦᠰ ᠲᠠᠢ ᠬᠠᠮᠲᠤ ᠲᠡᠷᠢᠭᠦᠨ ᠳᠤ ᠵᠢᠭᠰᠠᠭᠠᠭᠳᠠᠪᠠ᠃ ᠪᠢᠳᠡ  ᠤᠷᠭᠤᠮᠠᠯ ᠤᠨ ᠬᠠᠩᠵᠧᠦ ᠶᠢᠨ ᠠᠽᠢᠶ᠎ᠠ ᠲᠢᠪ ᠤᠨ ᠪᠡᠶ᠎ᠡ ᠶᠢᠨ ᠲᠠᠮᠢᠷ ᠤᠨ ᠴᠤᠭᠯᠠᠭᠠᠨ ᠳᠡᠭᠡᠷᠡᠬᠢ ᠰᠢᠯᠢᠳᠡᠭ ᠠᠮᠵᠢᠯᠳᠠ ᠶᠢ ᠬᠠᠮᠲᠤ ᠪᠠᠷ ᠬᠦᠰᠡᠨ ᠬᠦᠯᠢᠶᠡᠶ᠎ᠡ︕
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ