| | | | ᠰᠠᠶᠢᠨ ᠰᠠᠶᠢᠬᠠᠨ ᠶᠠᠪᠤᠵᠤ ᠰᠠᠭᠤᠬᠤ ᠳᠠᠳᠬᠠᠯ ᠲᠠᠢ ᠪᠣᠯᠬᠤ ᠬᠡᠷᠡᠭᠲᠡᠶ | ᠲᠡᠷᠭᠡ ᠵᠢᠯᠣᠭᠤᠳᠤᠨ ᠶᠠᠪᠤᠬᠤ ᠳᠤ ᠵᠠᠮ ᠬᠠᠷᠢᠯᠴᠠᠭᠠᠨ ᠤ ᠬᠠᠤᠯᠢ ᠳᠦᠷᠢᠮ ᠢ ᠵᠢᠷᠤᠮᠯᠠᠬᠤ ᠬᠡᠷᠡᠭᠲᠡᠶ᠂ ᠤᠯᠠᠭᠠᠨ ᠳ᠋ᠧᠩ ᠢ ᠵᠥᠷᠢᠴᠡᠵᠦ ᠪᠣᠯᠬᠤ ᠦᠭᠡᠢ᠃ | ᠬᠤᠷᠳᠤᠴᠠ ᠬᠡᠲᠦᠷᠡᠭᠰᠡᠨ᠂ ᠠᠷᠢᠬᠢ ᠤᠤᠭᠤᠭᠰᠠᠨ ᠤ ᠳᠠᠷᠠᠭ᠎ᠠ ᠲᠡᠷᠭᠡ ᠵᠢᠯᠣᠭᠤᠳᠬᠤ ᠶᠢ ᠴᠢᠩᠭ᠎ᠠ ᠴᠠᠭᠠᠵᠠᠯᠠᠨ᠎ᠠ᠃ ᠲᠣᠭᠲᠠᠭᠰᠠᠨ ᠬᠤᠭᠤᠴᠠᠭ᠎ᠠ ᠲᠠᠢ ᠲᠡᠷᠭᠡ ᠶᠢ | ᠬᠠᠮᠠᠭᠠᠯᠠᠵᠤ᠂ ᠲᠡᠷᠭᠡᠨ ᠤ ᠪᠠᠶᠢᠳᠠᠯ ᠢ ᠪᠠᠶᠢᠴᠠᠭᠠᠨ᠎ᠠ᠃ | ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠪᠠᠷ ᠭᠠᠳᠠᠭᠰᠢ ᠭᠠᠷᠬᠤ ᠳᠤ᠂ ᠳᠡᠰ ᠳᠠᠷᠠᠭᠠᠯᠠᠯ ᠢᠶᠠᠷ ᠢᠶᠠᠨ ᠲᠡᠷᠭᠡᠨ ᠠᠴᠠ ᠪᠠᠭᠤᠵᠤ ᠰᠠᠭᠤᠬᠤ | ᠬᠡᠷᠡᠭᠲᠡᠶ᠂ ᠨᠣᠴᠣᠮᠠᠲᠠᠭᠠᠶ᠂ ᠳᠡᠯᠪᠡᠷᠡᠮᠡᠲᠡᠭᠡᠶ ᠵᠡᠷᠭᠡ ᠠᠶᠤᠯ ᠲᠠᠢ ᠡᠳ᠋ ᠢ ᠠᠪᠴᠤ ᠲᠡᠷᠭᠡᠨ ᠳᠤ ᠭᠠᠷᠬᠤ ᠶᠢ ᠴᠢᠩᠭ᠎ᠠ ᠴᠠᠭᠠᠵᠠᠯᠠᠬᠤ ᠬᠡᠷᠡᠭᠲᠡᠶ᠃ | ᠳᠤᠭᠤᠶ ᠤᠨᠤᠬᠤ ᠳᠠᠭᠠᠨ ᠣᠷᠴᠢᠨ ᠲᠣᠭᠤᠷᠢᠨ ᠤ ᠪᠠᠶᠢᠳᠠᠯ ᠢᠶᠠᠨ ᠴᠠᠭ ᠲᠤᠬᠠᠶ ᠳᠤᠨᠢ ᠠᠩᠬᠠᠷᠴᠤ᠂ ᠭᠠᠷ ᠢᠶᠠᠨ ᠡᠷᠭᠢᠭᠦᠯᠵᠦ ᠳᠣᠬᠢᠶ᠎ᠠ ᠥᠭᠴᠦ᠂ ᠭᠡᠨᠡᠳᠲᠡ | ᠬᠦᠴᠦᠲᠡᠶ ᠮᠤᠷᠦ᠋ᠢᠬᠤ ᠠᠴᠠ ᠵᠠᠶᠢᠯᠠᠰᠬᠢᠬᠦ ᠬᠡᠷᠡᠭᠲᠡᠶ᠃ ᠲᠡᠷᠭᠡ ᠤᠨᠤᠬᠤ ᠲᠠᠢ ᠬᠠᠮᠲᠤ ᠶᠠᠪᠤᠬᠤ ᠪᠤᠶᠤ ᠬᠥᠭᠡᠭᠡᠵᠦ ᠪᠣᠯᠬᠤ ᠦᠭᠡᠢ᠃ | ᠶᠠᠪᠠᠭᠠᠨ ᠬᠥᠮᠦᠨ ᠵᠠᠮ ᠭᠡᠲᠦᠯᠦᠨ ᠶᠠᠪᠠᠭᠠᠨ ᠬᠥᠮᠦᠨ ᠤ ᠬᠥᠨᠳᠡᠯᠡᠨ ᠵᠠᠮ ᠢᠶᠠᠷ ᠶᠠᠪᠤᠵᠤ᠂ ᠵᠠᠮ ᠥᠩᠭᠡᠷᠡᠬᠦ ᠦᠶᠡᠰ ᠨᠠᠭᠠᠰᠢ ᠴᠠᠭᠠᠰᠢ ᠶᠠᠪᠤᠬᠤ ᠲᠡᠷᠭᠡ ᠶᠢ | ᠨᠠᠷᠢᠨ ᠬᠢᠨᠠᠮᠠᠭᠠᠶ ᠠᠵᠢᠭᠯᠠᠬᠤ ᠬᠡᠷᠡᠭᠲᠡᠶ᠃ | ᠲᠡᠷᠭᠡᠨ ᠳᠤ ᠰᠠᠭᠤᠭᠠᠳ ᠠᠶᠤᠯ ᠳᠤ ᠤᠴᠠᠷᠠᠬᠤ ᠦᠶ᠎ᠡ ᠳᠤ ᠠᠷᠭᠠᠴᠠᠭᠠᠬᠤ ᠠᠷᠭ᠎ᠠ ᠬᠡᠮᠵᠢᠶ᠎ᠡ | ᠭᠠᠯᠲᠤ ᠲᠡᠷᠭᠡᠨ ᠳᠤ ᠰᠠᠭᠤᠬᠤ ᠳᠠᠭᠠᠨ ᠲᠡᠷᠭᠡᠨ ᠡᠭᠦᠳᠡ ᠪᠣᠯᠤᠨ ᠸᠠᠭᠤᠨ ᠤ ᠠᠭᠤᠯᠵᠠᠷ ᠠᠴᠠ ᠵᠠᠶᠢᠳᠠᠭᠤ ᠪᠠᠶᠢᠬᠤ ᠬᠡᠷᠡᠭᠲᠡᠢ᠃ ᠬᠡᠷᠪᠡ ᠭᠠᠯᠲᠤ ᠲᠡᠷᠭᠡ | ᠭᠡᠨᠡᠳᠲᠡ ᠵᠠᠮ ᠠᠴᠠ ᠪᠠᠨ ᠭᠠᠷᠪᠠᠯ᠂ ᠵᠠᠮ ᠠᠴᠠ ᠪᠠᠨ ᠰᠠᠯᠬᠤ ᠠᠴᠠ ᠡᠮᠦᠨᠡᠬᠢ ᠬᠡᠳᠦᠨ ᠰᠧᠺᠦ᠋ᠨ᠋ᠳ᠋ ᠤᠨ ᠳᠣᠲᠣᠷ᠎ᠠ᠂ ᠠᠶᠠᠨᠴᠢᠳ ᠨᠡᠯᠢᠶᠡᠳ ᠠᠮᠤᠷ ᠲᠦᠪᠰᠢᠨ ᠳᠦᠷᠢ | ᠪᠠᠶᠢᠳᠠᠯ ᠢ ᠰᠣᠩᠭᠤᠵᠤ ᠥᠪᠡᠷ ᠢ ᠪᠠᠨ ᠬᠠᠮᠠᠭᠠᠯᠠᠵᠤ ᠪᠣᠯᠤᠨ᠎ᠠ᠃ ᠵᠠᠮ ᠠᠴᠠ ᠪᠠᠨ ᠰᠠᠯᠬᠤ ᠠᠴᠠ ᠡᠮᠦᠨ᠎ᠡ ᠲᠣᠯᠣᠭᠠᠶ ᠪᠠᠨ ᠪᠥᠬᠦ᠋ᠢᠵᠦ᠂ ᠲᠣᠯᠣᠭᠠᠶ ᠪᠠᠨ ᠰᠠᠶᠢᠲᠤᠷ | ᠬᠠᠮᠠᠭᠠᠯᠠᠵᠤ᠂ ᠰᠢᠷᠬ᠎ᠠ ᠰᠣᠷᠪᠢ ᠠᠴᠠ ᠵᠠᠶᠢᠯᠠᠭᠤᠯᠬᠤ ᠬᠡᠷᠡᠭᠲᠡᠶ᠃ ᠡᠨᠡ ᠣᠶᠢᠶ᠎ᠠ ᠳᠤ ᠲᠡᠷᠭᠡ ᠠᠴᠠ ᠦᠰᠦᠷᠴᠦ ᠪᠣᠯᠬᠤ ᠦᠭᠡᠢ᠂ ᠦᠭᠡᠢ ᠪᠣᠯ ᠢᠨᠧᠷᠼᠢ ᠠᠴᠠ | ᠪᠣᠯᠵᠤ ᠬᠠᠶᠠᠭᠳᠠᠨ᠎ᠠ᠂ ᠲᠡᠷᠭᠡ ᠯᠠᠪᠳᠠᠭᠤᠨ ᠵᠣᠭᠰᠣᠭᠰᠠᠨ ᠤ ᠳᠠᠷᠠᠭ᠎ᠠ ᠰᠠᠶ᠋ᠢ ᠳᠤᠲᠠᠭᠠᠵᠤ ᠪᠣᠯᠤᠨ᠎ᠠ᠃ ᠬᠡᠷᠪᠡ ᠲᠡᠷᠭᠡᠨ ᠡᠭᠦᠳᠡ ᠶᠢᠨ ᠳᠦᠷᠰᠦ ᠨᠢ ᠬᠤᠪᠢᠷᠠᠭᠰᠠᠨ ᠢ | ᠮᠡᠳᠡᠪᠡᠯ ᠰᠢᠯ ᠢ ᠨᠢ ᠠᠪᠴᠤ ᠬᠠᠶᠠᠬᠤ ᠬᠡᠷᠡᠭᠲᠡᠶ᠃ | ᠭᠠᠵᠠᠷ ᠳᠤᠤᠷᠠᠬᠢ ᠭᠠᠯᠲᠤ ᠲᠡᠷᠭᠡᠨ ᠳᠤ ᠰᠠᠭᠤᠬᠤ ᠦᠶᠡᠰ᠂ ᠭᠠᠯ ᠤᠨ ᠠᠶᠤᠯ ᠳᠤ ᠤᠴᠠᠷᠠᠪᠠᠯ᠂ ᠶᠠᠭᠠᠬᠢᠭᠰᠠᠨ ᠴᠤ ᠰᠠᠨᠳᠤᠷᠴᠤ ᠪᠣᠯᠬᠤ ᠥᠬᠡᠶ᠂ | ᠠᠵᠢᠯᠲᠠᠨ ᠤ ᠵᠢᠯᠣᠭᠤᠳᠣᠯᠭ᠎ᠠ ᠶᠢ ᠳᠠᠭᠠᠵᠤ᠂ ᠭᠠᠷ ᠠᠯᠴᠢᠭᠤᠷ ᠪᠤᠶᠤ ᠬᠤᠪᠴᠠᠰᠤ ᠬᠤᠨᠠᠷ ᠢᠶᠠᠷ ᠠᠮᠠ ᠬᠠᠮᠠᠷ ᠢᠶᠠᠨ ᠪᠥᠭᠯᠡᠬᠦ ᠬᠡᠷᠡᠭᠲᠡᠶ᠃ ᠬᠡᠷᠪᠡ ᠬᠢᠴᠢᠶᠡᠮᠵᠢ | ᠦᠭᠡᠢ ᠪᠠᠷ ᠥᠷᠲᠡᠭᠡᠨ ᠲᠠᠪᠴᠠᠩ ᠠᠴᠠ ᠤᠨᠠᠪᠠᠯ᠂ ᠶᠡᠭᠡ ᠳᠠᠭᠤᠨ ᠢᠶᠠᠷ ᠥᠷᠲᠡᠭᠡᠨ ᠲᠠᠪᠴᠠᠩ ᠤᠨ ᠠᠵᠢᠯᠲᠠᠨ ᠠᠴᠠ ᠠᠪᠤᠷᠠᠯᠲᠠ ᠡᠷᠢᠨ᠎ᠡ᠂ ᠠᠵᠢᠯᠲᠠᠨ ᠴᠠᠬᠢᠯᠭᠠᠨ | ᠵᠣᠭᠰᠣᠭᠠᠬᠤ ᠠᠷᠭ᠎ᠠ ᠬᠡᠮᠵᠢᠶ᠎ᠡ ᠠᠪᠴᠤ ᠠᠪᠤᠷᠠᠨ ᠲᠤᠰᠠᠯᠠᠨ᠎ᠠ᠂ ᠰᠣᠬᠤᠷ ᠪᠠᠯᠠᠶ ᠪᠠᠷ ᠥᠷᠲᠡᠭᠡᠨ ᠲᠠᠪᠴᠠᠩ ᠳᠤ ᠭᠠᠷᠴᠤ ᠪᠣᠯᠬᠤ ᠦᠭᠡᠢ᠂ ᠴᠠᠬᠢᠯᠭᠠᠨ ᠳᠤ | ᠴᠣᠬᠢᠭᠳᠠᠬᠤ ᠠᠳᠡᠯ ᠭᠠᠷᠬᠤ ᠠᠴᠠ ᠰᠡᠷᠭᠡᠢᠯᠡᠨ᠎ᠡ᠃ | ᠲᠡᠷᠭᠡ ᠵᠢᠯᠣᠭᠤᠳᠤᠭᠠᠳ ᠠᠶᠤᠯ ᠲᠤᠯᠭᠠᠷᠠᠬᠤ ᠦᠶᠡᠰ ᠠᠷᠭᠠᠴᠠᠭᠠᠬᠤ ᠠᠷᠭ᠎ᠠ ᠬᠡᠮᠵᠢᠶ᠎ᠡ | ᠲᠣᠷᠣᠮᠰᠤᠯᠠᠭᠤᠷ ᠦᠢᠯᠡᠳᠦᠯ ᠢᠶᠠᠨ ᠠᠯᠳᠠᠬᠤ ᠦᠶ᠎ᠡ ᠳᠤ᠂ ᠵᠠᠮ ᠤᠨ ᠪᠠᠶᠢᠳᠠᠯ ᠪᠠ ᠲᠡᠷᠭᠡᠨ ᠤ ᠬᠤᠷᠳᠤᠴᠠ ᠶᠢ ᠦᠨᠳᠦᠰᠦᠯᠡᠨ ᠴᠢᠭᠯᠡᠯ ᠢᠶᠠᠨ ᠰᠠᠶᠢᠲᠤᠷ | ᠡᠵᠡᠮᠳᠡᠵᠦ᠂ ᠳᠣᠣᠷ᠎ᠠ ᠬᠤᠷᠳᠤᠴᠠ ᠶᠢᠨ ᠵᠠᠯᠭᠠᠯᠲᠠ ᠰᠣᠯᠢᠬᠤ ᠶᠢᠨ ᠬᠠᠮᠲᠤ᠂ ᠭᠠᠷ ᠤᠨ ᠲᠣᠷᠣᠮᠰᠤᠯᠠᠭᠤᠷ ᠢ ᠬᠡᠷᠡᠭᠯᠡᠨ ᠠᠷᠭᠠᠴᠠᠭᠠᠨ᠎ᠠ᠃ ᠡᠭᠦᠨ ᠤ ᠬᠠᠮᠲᠤ᠂ | ᠲᠡᠷᠭᠡᠨ ᠤ ᠳᠠᠭᠠᠳᠬᠠᠯ ᠤᠨ ᠬᠥᠰᠢᠭᠦᠷᠭᠡ ᠵᠡᠷᠭᠡ ᠶᠢ ᠠᠰᠢᠭᠯᠠᠨ ᠵᠠᠮ ᠤᠨ ᠬᠠᠵᠠᠭᠤ ᠶᠢᠨ ᠰᠠᠭᠠᠳ ᠪᠣᠳᠠᠰ ᠲᠠᠢ ᠮᠥᠷᠭᠦᠯᠳᠦᠵᠦ᠂ ᠠᠯᠪᠠ ᠪᠠᠷ ᠲᠡᠷᠭᠡ ᠪᠠᠨ | ᠵᠣᠭᠰᠣᠭᠠᠵᠤ ᠠᠶᠤᠯ ᠠᠴᠠ ᠮᠤᠯᠲᠤᠷᠠᠵᠤ ᠪᠣᠯᠤᠨ᠎ᠠ᠃ | ᠬᠡᠷᠪᠡ ᠲᠡᠷᠭᠡ ᠵᠠᠰᠠᠮᠠᠯ ᠵᠠᠮ ᠳᠡᠭᠡᠷ᠎ᠡ ᠡᠪᠳᠡᠷᠡᠪᠡᠯ᠂ ᠵᠢᠯᠣᠭᠤᠴᠢ ᠳᠠᠷᠦ᠋ᠢᠬᠠᠨ ᠲᠡᠷᠭᠡᠨ ᠤ ᠠᠷᠤ ᠳᠤ ᠭᠤᠷᠪᠠᠯᠵᠢᠨ ᠠᠶᠤᠯ ᠤᠨ ᠰᠡᠷᠡᠮᠵᠢ ᠶᠢᠨ ᠫᠠᠶᠢᠰᠠ | ᠲᠠᠯᠪᠢᠬᠤ ᠶᠢᠨ ᠬᠠᠮᠲᠤ ᠵᠢᠯᠣᠭᠤᠴᠢ ᠪᠣᠯᠤᠨ ᠠᠶᠠᠨᠴᠢᠳ ᠠᠮᠤᠷ ᠲᠦᠪᠰᠢᠨ ᠭᠠᠵᠠᠷ ᠲᠤ ᠰᠢᠯᠵᠢᠬᠦ ᠬᠡᠷᠡᠭᠲᠡᠶ᠂ ᠲᠡᠷᠭᠡᠨ ᠳᠣᠲᠣᠷ᠎ᠠ ᠦᠯᠡᠳᠡᠭᠡᠵᠦ ᠪᠣᠯᠬᠤ ᠦᠭᠡᠢ᠃ | ᠲᠡᠷᠭᠡ ᠤᠰᠤᠨ ᠳᠤ ᠤᠨᠠᠪᠠᠯ ᠯᠠᠪᠳᠠᠭᠤᠨ ᠪᠠᠢᠬᠤ ᠬᠡᠷᠡᠭᠲᠡᠶ᠃ ᠮᠠᠰᠢᠨ ᠲᠡᠷᠭᠡ ᠤᠰᠤᠨ ᠳᠤ ᠣᠷᠣᠬᠤ ᠦᠶᠡᠰ᠂ ᠲᠡᠷᠭᠡᠨ ᠤ ᠲᠣᠯᠣᠭᠠᠶ ᠨᠡᠯᠢᠶᠡᠳ ᠬᠦᠨᠳᠦ | ᠤᠴᠢᠷ ᠠᠴᠠ᠂ ᠴᠢᠳᠠᠬᠤ ᠶᠢᠨ ᠬᠢᠷᠢ ᠪᠠᠷ ᠲᠡᠷᠭᠡᠨ ᠤ ᠠᠷᠤ ᠰᠠᠭᠤᠳᠠᠯ ᠠᠴᠠ ᠳᠤᠲᠠᠭᠠᠨ᠎ᠠ᠃ ᠬᠡᠷᠪᠡ ᠤᠰᠤᠨ ᠳᠤ ᠣᠷᠣᠭᠰᠠᠨ ᠤ ᠳᠠᠷᠠᠭ᠎ᠠ ᠲᠡᠷᠭᠡᠨ ᠴᠣᠩᠬᠤ ᠪᠣᠯᠤᠨ | ᠲᠡᠷᠭᠡᠨ ᠡᠭᠦᠳᠡ ᠶᠢ ᠨᠡᠭᠡᠭᠡᠵᠦ ᠳᠡᠶᠢᠯᠬᠦ ᠦᠭᠡᠢ ᠪᠣᠯ ᠤᠷᠢᠳ ᠢᠶᠠᠷ ᠨᠢᠭᠤᠷ ᠤᠨ ᠬᠡᠰᠡᠭ ᠢᠶᠠᠨ ᠠᠯᠢ ᠴᠢᠳᠠᠬᠤ ᠪᠠᠷ ᠲᠡᠷᠭᠡᠨ ᠣᠷᠣᠢ ᠲᠠᠢ ᠨᠠᠭᠠᠯᠳᠤᠭᠤᠯᠵᠤ᠂ ᠬᠡᠪ ᠤᠨ | ᠠᠮᠢᠰᠬᠤᠯ ᠢᠶᠠᠨ ᠪᠠᠲᠤᠯᠠᠵᠤ᠂ ᠤᠰᠤ ᠲᠡᠷᠭᠡᠨ ᠵᠠᠪᠰᠠᠷ ᠢᠶᠠᠷ ᠤᠷᠤᠰᠤᠨ ᠣᠷᠣᠵᠤ᠂ ᠲᠡᠷᠭᠡᠨ ᠳᠣᠲᠣᠷ᠎ᠠ ᠭᠠᠳᠠᠨᠠᠬᠢ ᠤᠰᠤᠨ ᠤ ᠳᠠᠷᠤᠯᠲᠠ ᠲᠡᠭᠰᠢ ᠪᠣᠯᠤᠭᠰᠠᠨ ᠤ | ᠳᠠᠷᠠᠭ᠎ᠠ᠂ ᠲᠡᠷᠭᠡᠨ ᠡᠭᠦᠳᠡ ᠶᠢ ᠨᠡᠭᠡᠭᠡᠵᠦ ᠳᠤᠲᠠᠭᠠᠨ᠎ᠠ᠃ | ᠲᠡᠷᠭᠡᠨ ᠠᠳᠡᠯ ᠭᠠᠷᠤᠭᠰᠠᠨ ᠦᠶ᠎ᠡ ᠶᠢᠨ ᠰᠢᠢᠳᠪᠦᠷᠢᠯᠡᠬᠦ ᠠᠷᠭ᠎ᠠ | ᠵᠠᠮ ᠬᠠᠷᠢᠯᠴᠠᠭᠠᠨ ᠤ ᠠᠳᠡᠯ ᠲᠣᠬᠢᠶᠠᠯᠳᠤᠪᠠᠯ᠂ ᠤᠷᠢᠳ ᠢᠶᠠᠷ 122 ᠠᠳᠡᠯ ᠤᠨ ᠲᠦᠭᠰᠢᠭᠦᠷᠢ ᠮᠡᠳᠡᠭᠦᠯᠬᠦ ᠤᠲᠠᠰᠤ ᠶᠢ ᠤᠲᠠᠰᠤᠳᠠᠵᠤ᠂ ᠬᠡᠷᠪᠡ ᠬᠥᠮᠦᠨ | ᠬᠠᠷ᠎ᠠ ᠥᠭᠦᠵᠦ ᠰᠢᠷᠬᠠᠲᠤᠭᠰᠠᠨ ᠪᠠᠶᠢᠪᠠᠯ᠂ ᠳᠠᠷᠤᠶ ᠲᠦᠷᠭᠡᠨ 120 ᠲᠦᠷᠭᠡᠨ ᠠᠪᠤᠷᠬᠠᠤ ᠤᠲᠠᠰᠤ ᠶᠢ ᠤᠲᠠᠰᠤᠳᠠᠭᠠᠷᠠᠶ᠃ ᠬᠡᠷᠪᠡ ᠰᠢᠷᠬᠠᠲᠤᠭᠰᠠᠨ ᠬᠥᠮᠦᠨ | ᠪᠠᠶᠢᠪᠠᠯ ᠰᠢᠷᠬᠠᠲᠠᠨ ᠢ ᠰᠢᠯᠵᠢᠭᠦᠯᠬᠦ ᠭᠡᠵᠦ ᠶᠠᠭᠠᠷᠠᠵᠤ ᠪᠣᠯᠬᠤ ᠦᠭᠡᠢ᠂ ᠤᠷᠢᠳ ᠢᠶᠠᠷ ᠰᠢᠷᠬᠠᠲᠠᠨ ᠤ ᠮᠡᠳᠡᠷᠡᠯ ᠠᠯᠳᠠᠭᠰᠠᠨ ᠡᠰᠡᠬᠦ᠂ ᠵᠢᠷᠦᠬᠡᠨ ᠴᠣᠬᠢᠯᠭ᠎ᠠ ᠪᠠ | ᠠᠮᠢᠰᠬᠤᠯ᠂ ᠶᠡᠭᠡ ᠴᠢᠰᠤ ᠭᠠᠷᠤᠭᠰᠠᠨ ᠡᠰᠡᠬᠦ᠂ ᠢᠯᠡᠷᠬᠡᠢ ᠪᠡᠷᠲᠡᠭᠰᠡᠨ ᠡᠰᠡᠬᠦ ᠶᠢ ᠪᠠᠶᠢᠴᠠᠭᠠᠨ᠎ᠠ᠃ ᠬᠡᠷᠪᠡ ᠰᠢᠷᠬᠠᠲᠤᠭᠰᠠᠳ ᠨᠢᠭᠡᠨᠲᠡ ᠮᠠᠨᠠᠷᠠᠭᠰᠠᠨ ᠪᠠᠶᠢᠪᠠᠯ᠂ | ᠤᠷᠢᠳ ᠢᠶᠠᠷ ᠬᠦᠵᠦᠭᠦᠦ᠂ ᠴᠡᠭᠡᠵᠢ᠂ ᠨᠢᠷᠤᠭᠤᠨ ᠤ ᠬᠡᠰᠡᠭ ᠤᠨ ᠨᠠᠭᠠᠯᠳᠤᠭᠰᠠᠨ ᠬᠤᠪᠴᠠᠰᠤ ᠬᠤᠨᠠᠷ ᠢ ᠨᠢ ᠰᠤᠯᠠᠳᠬᠠᠵᠤ᠂ ᠲᠣᠯᠣᠭᠠᠢ ᠶᠢ ᠨᠢ ᠨᠢᠭᠡ ᠲᠡᠶᠢᠰᠢ | ᠬᠠᠨᠳᠤᠭᠤᠯᠤᠨ᠂ ᠠᠮᠠ ᠬᠠᠮᠠᠷ ᠲᠠᠬᠢ ᠭᠬᠢᠷ ᠪᠤᠷᠲᠠᠭ ᠢ ᠨᠢ ᠠᠷᠢᠯᠭᠠᠵᠤ᠂ ᠪᠦᠲᠡᠩᠰᠡᠭᠦᠯᠬᠦ ᠠᠴᠠ ᠰᠡᠷᠭᠡᠶᠢᠯᠡᠨ᠎ᠡ᠃ ᠬᠡᠷᠪᠡ ᠵᠢᠷᠦᠬᠡᠨ ᠴᠣᠬᠢᠯᠭ᠎ᠠ ᠪᠠ ᠠᠮᠢᠰᠬᠤᠯ ᠪᠦᠷ | ᠵᠣᠭᠰᠣᠭᠰᠠᠨ ᠪᠠᠶᠢᠪᠠᠯ᠂ ᠳᠠᠷᠦ᠋ᠢᠬᠠᠨ ᠬᠥᠮᠦᠨ ᠤ ᠬᠦᠴᠦ ᠪᠠᠷ ᠠᠮᠢᠰᠬᠤᠭᠤᠯᠬᠤ ᠪᠠ ᠴᠡᠭᠡᠵᠢᠨ ᠭᠠᠳᠠᠨ᠎ᠠ ᠠᠴᠠ ᠨᠢ ᠵᠢᠷᠦᠬᠡᠨ ᠳᠤ ᠳᠠᠷᠤᠯᠲᠠ ᠥᠭᠭᠦᠨ᠎ᠡ᠃ ᠬᠡᠷᠪᠡ | ᠬᠦᠨᠳᠦ ᠨᠣᠴᠢᠲᠠᠢ ᠭᠠᠳᠠᠷ ᠰᠢᠷᠬ᠎ᠠ ᠠᠴᠠ ᠴᠢᠰᠤ ᠭᠠᠷᠪᠠᠯ᠂ ᠲᠣᠯᠣᠭᠠᠢ ᠶᠢ ᠳᠣᠣᠷ᠎ᠠ ᠲᠠᠯᠪᠢᠵᠤ᠂ ᠰᠢᠷᠬᠠᠲᠤᠭᠰᠠᠨ ᠬᠡᠰᠡᠭ ᠢ ᠥᠨᠳᠥᠷ ᠪᠣᠯᠭᠠᠬᠤ ᠶᠢᠨ ᠬᠠᠮᠲᠤ ᠴᠡᠪᠡᠷ | ᠭᠠᠷ ᠠᠯᠴᠢᠭᠤᠷ᠂ ᠠᠯᠴᠢᠭᠤᠷ ᠢᠶᠠᠷ ᠰᠢᠷᠬ᠎ᠠ ᠶᠢ ᠳᠠᠷᠤᠵᠤ ᠴᠢᠰᠤ ᠶᠢ ᠨᠢ ᠵᠣᠭᠰᠣᠭᠠᠨ᠎ᠠ᠃ |