ᠮᠠᠯᠴᠢᠨ ᠪᠠᠳᠣᠪᠢᠯᠢᠭ᠌ ᠤᠨ ᠰᠢᠯᠢᠳᠡᠭ ᠡᠬᠦᠯᠳᠡᠷ ᠤᠨ ᠬᠤᠷᠠᠭ᠎ᠠ ᠨᠢ ᠲᠡᠭᠰᠢᠳᠭᠡᠭᠡᠳ1000 ᠭᠠᠷᠣᠢ ᠲᠦᠬᠦᠷᠢᠭ ᠲᠤ ᠬᠦᠷᠪᠡ
ᠨᠡᠶᠢᠲᠡᠯᠡᠭᠰᠡᠨ ᠴᠠᠭ᠄
2024/11/12
        ᠪᠠᠭᠠᠷᠢᠨ ᠪᠠᠷᠠᠭᠤᠨ ᠬᠤᠰᠢᠭᠤᠨ ᠤ ᠪᠠᠶᠠᠠᠳᠠᠯ᠎ᠠ ᠰᠣᠮᠤ ᠶᠢᠨ ᠪᠠᠯᠠᠨᠨᠠᠭᠤᠷ ᠭᠠᠴᠠᠭ᠎ᠠ ᠶᠢᠨ ᠮᠠᠯᠩᠴᠢᠨ ᠪᠠᠳᠣᠪᠢᠯᠢᠭ᠌ ᠤᠨ ᠬᠢᠨ ᠣᠷᠣᠨ ᠨᠤᠳᠤᠭ ᠤᠨ ᠣᠠᠴᠠᠯᠢᠭ ᠲᠤ ᠲᠤᠬᠢᠷᠠᠭᠤᠯᠤᠨ ᠬᠤᠨᠢᠨ ᠰᠦᠷᠦᠭ ᠤᠨ ᠢᠶᠠᠨ ᠡᠬᠦᠯᠳᠡᠷ ᠢ ᠰᠠᠶᠢᠵᠢᠷᠠᠭᠤᠯᠤᠨ ᠠᠰᠢᠭ ᠣᠷᠣᠯᠭ᠎ᠠ ᠪᠠᠨ ᠨᠡᠮᠡᠭᠳᠡᠬᠦᠯᠬᠦ ᠠᠷᠭ᠎ᠠ ᠵᠠᠮ ᠰᠦᠪᠡᠭᠴᠢᠯᠡᠬᠡᠳ 8 ᠵᠢᠯ ᠭᠠᠷᠤᠢ ᠶᠢᠨ ᠨᠢᠭᠤᠷ ᠦᠵᠡᠵᠦ ᠪᠠᠶᠢᠭ᠎ᠠ ᠪᠢᠯᠡ᠃
1.jpg
2.jpg
        ᠲᠡᠳᠡᠨᠡᠶᠢᠬᠢᠨ ᠣᠣᠯ ᠠᠴᠠ ᠪᠠᠨ ᠨᠤᠳᠤᠭ ᠤᠨ ᠬᠤᠨᠢ ᠲᠡᠵᠢᠬᠡᠵᠦ ᠪᠠᠶᠢᠬᠰᠠᠨ ᠢᠶᠠᠨ ᠮᠠᠯ ᠠᠵᠦ ᠠᠬᠤᠢ ᠶᠢᠨ ᠴᠢᠨᠡᠷ ᠰᠠᠶᠢᠳᠡᠢ ᠭᠦᠭᠵᠢᠯᠳᠡ ᠶᠢ ᠠᠬᠢᠭᠤᠯᠬᠤ ᠲᠦᠷᠦ ᠶᠢᠨ ᠪᠤᠳᠣᠯᠭ᠎ᠠ ᠶᠢᠨ ᠵᠢᠯᠤᠭᠤᠳᠣᠯᠭ᠎ᠠ ᠪᠠᠷ᠂2016 ᠣᠨ ᠠᠴᠠ ᠵᠠᠬ᠎ᠠ ᠲᠡᠯᠬᠡᠬᠦᠷ ᠤᠨ ᠭᠡᠷᠡᠭᠴᠡᠭᠡ ᠳᠤ ᠵᠤᠬᠢᠴᠠᠭᠤᠯᠤᠨ ᠮᠠᠯ ᠰᠦᠷᠦᠭ ᠤᠨ ᠢᠶᠠᠨ ᠪᠦᠳᠦᠴᠡ ᠳᠤ ᠲᠤᠬᠢᠷᠠᠭᠤᠯᠤᠯᠳᠠ ᠬᠢᠵᠦ᠂ ᠤᠬᠤᠷ ᠬᠤᠭᠤᠴᠠᠭᠠᠨ ᠳᠤ ᠦᠨᠳᠣᠷ ᠦᠷ᠎ᠡ ᠠᠰᠢᠭ ᠭᠠᠷᠭᠠᠵᠦ ᠲᠡᠶᠢᠯᠬᠦ ᠳ᠋ᠦ᠋ ᠪᠦᠸᠧ ᠬᠤᠨᠢᠨ ᠤ ᠰᠢᠯᠢᠳᠡᠭ ᠡᠬᠦᠯᠳᠡᠷ ᠎ ᠤᠨ ᠭᠠᠷ ᠬᠡᠬᠡᠯᠳᠦᠬᠦᠯᠬᠡ ᠬᠢᠵᠦ᠂ ᠬᠤᠨᠢᠨ ᠰᠦᠷᠦᠭ ᠤᠨ ᠢᠶᠠᠨ ᠡᠬᠦᠯᠳᠡᠷ ᠢ ᠡᠬᠢᠯᠡᠨ ᠰᠠᠶᠢᠵᠢᠷᠠᠭᠤᠯᠵᠠᠢ᠃ ᠣᠳᠣ ᠪᠤᠯᠬᠤ ᠳᠤ ᠨᠡᠯᠢᠶᠡᠳ ᠴᠡᠪᠡᠷ ᠡᠬᠦᠯᠳᠡᠷ ᠤᠨ ᠡᠬᠡ ᠮᠠᠯ ᠲᠠᠢ ᠪᠤᠯᠤᠬᠰᠠᠨ ᠠᠴᠠ ᠡᠨᠡ ᠵᠢᠯ ᠪᠠᠭᠠᠷᠢᠨ ᠪᠠᠷᠠᠭᠤᠨ ᠬᠤᠰᠢᠭᠤᠨ ᠤ ᠮᠠᠯ ᠠᠵᠦ ᠠᠬᠤᠢ ᠶᠢᠨ ᠲᠤᠪᠴᠢᠶᠠᠨ ᠤ ᠲᠦᠷᠦᠯ ᠵᠦᠢᠯ ᠢᠶᠠᠷ ᠣᠷᠣᠭᠤᠯᠤᠬᠰᠠᠨ ᠪᠡᠯᠴᠢᠬᠡᠷᠯᠡᠬᠦᠯᠥᠨ ᠮᠠᠯᠵᠢᠬᠤ ᠪᠤᠶᠤ ᠬᠠᠰᠢᠶᠠᠯᠠᠨ ᠮᠠᠯᠵᠢᠬᠤ ᠳᠤ ᠴᠦᠮ ᠲᠤᠬᠢᠷᠠᠬᠤ ᠮᠦᠷᠳᠡᠭᠡᠨ ᠣᠨᠳᠣᠷᠣᠯᠳᠠ ᠶᠢᠨ ᠨᠤᠷᠮ᠎ᠠ ᠨᠢ ᠦᠨᠳᠣᠷ ᠪᠠᠶᠢᠳᠠᠭ ᠳ᠋ᠦ᠋ ᠮᠧᠩ ᠡᠬᠦᠯᠳᠡᠷ ᠤᠨ ᠬᠤᠨᠢᠨ ᠠᠴᠠ 100 ᠡᠭᠡ ᠮᠠᠯ ᠠᠪᠴᠦ᠂ ᠬᠤᠨᠢᠨ ᠰᠦᠷᠦᠭ ᠤᠨ ᠢᠶᠠᠨ ᠡᠬᠦᠯᠳᠡᠷ ᠢ ᠣᠯᠠᠮ ᠰᠠᠶᠢᠵᠢᠷᠠᠭᠤᠯᠬᠤ ᠶᠢ ᠵᠤᠷᠢᠵᠦ ᠪᠤᠢ᠃
3.jpg
4.jpg
        ︽ᠬᠤᠨᠢ ᠪᠠᠨ ᠵᠦᠩᠯᠡᠵᠦ ᠬᠤᠳᠠᠯᠳᠣᠵᠦ ᠪᠠᠶᠢᠭ᠎ᠠ ᠣᠳᠣ ᠶᠢᠨ ᠪᠠᠶᠢᠳᠡᠯ ᠳᠤ ᠬᠤᠨᠢᠨ ᠤ ᠪᠠᠨ ᠡᠬᠦᠯᠳᠡᠷ ᠢ ᠰᠠᠶᠢᠵᠢᠷᠠᠭᠤᠯᠬᠤ ᠨᠢ ᠨᠡᠩ ᠠᠰᠢᠬᠳᠡᠢ ᠬᠡᠵᠦ ᠪᠢ ᠦᠵᠡᠳᠡᠭ᠃ ᠨᠤᠳᠤᠭ ᠤᠨ ᠬᠤᠨᠢᠨ ᠤ ᠬᠤᠷᠠᠭ᠎ᠠ ᠪᠠ ᠡᠬᠦᠯᠳᠡᠷ ᠢ ᠨᠢ ᠰᠠᠶᠢᠵᠢᠷᠠᠭᠤᠯᠤᠬᠰᠠᠨ ᠬᠤᠨᠢᠨ ᠤ ᠬᠤᠷᠠᠭ᠎ᠠ ᠨᠢ ᠬᠤᠭᠤᠷᠤᠨᠳᠦ ᠪᠠᠨ 5᠎ ᠠᠴᠠ 7 ᠵᠢᠩ ᠴᠢᠨᠠᠬᠰᠢᠯᠠᠪᠠᠯ 10᠎ ᠠᠴᠠ 20 ᠵᠢᠩ ᠤᠨ ᠵᠦᠷᠢᠶ᠎ᠡ ᠭᠠᠷᠳᠠᠭ᠃ ᠬᠠᠩᠰᠢ ᠶᠢ ᠨᠢ ᠠᠳᠠᠯᠢ ᠪᠠᠷ ᠪᠤᠳᠣᠬᠤ ᠳᠤ ᠵᠢᠩ ᠤᠨ ᠲᠤᠭ᠎ᠠ ᠨᠢ ᠢᠯᠡᠬᠦᠦ ᠪᠤᠯᠬᠤᠷ ᠢᠯᠡᠬᠦᠦ ᠦᠨ᠎ᠡ ᠳᠤ ᠬᠦᠷᠴᠦ᠂ ᠢᠯᠡᠬᠦᠦ ᠣᠷᠣᠯᠭ᠎ᠠ ᠡᠬᠦᠳᠴᠦ  ᠲᠡᠶᠢᠯᠥᠨ᠎ᠡ︾ ᠬᠡᠵᠦ ᠪᠠᠳᠣᠪᠢᠯᠢᠭ᠌  ᠡᠴᠢᠨᠡᠭᠡᠨ ᠵᠢᠯ ᠬᠤᠨᠢ ᠲᠡᠵᠢᠬᠡᠵᠦ᠂ ᠬᠤᠨᠢᠨ ᠰᠦᠷᠦᠭ ᠤᠨ ᠢᠶᠠᠨ ᠡᠬᠦᠯᠳᠡᠷ ᠢ ᠰᠠᠶᠢᠵᠢᠷᠠᠭᠤᠯᠤᠨ᠂ ᠠᠰᠢᠭ ᠣᠷᠣᠯᠭ᠎ᠠ ᠪᠠᠨ ᠨᠡᠮᠡᠭᠳᠡᠬᠦᠯᠥᠭᠰᠡᠨ ᠲᠤᠷᠰᠢᠯᠭ᠎ᠠ ᠪᠠᠨ ᠬᠤᠪᠢᠶᠠᠯᠴᠠᠯ᠎ᠠ᠃ ︵ᠭᠠᠩᠪᠠᠭᠠᠳᠣᠷ ᠮᠡᠳᠡᠭᠡᠯᠡᠪᠡ︶
5.jpg
6.jpg                                          
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ