ᠦᠰᠦᠭ ᠳᠠᠶᠢᠯᠣᠮᠵᠢ᠄ ᠪᠠᠭᠠᠷᠢᠨ ᠪᠠᠷᠠᠭᠤᠨ ᠬᠤᠰᠢᠭᠤᠨ ᠤ ᠰᠤᠷᠤᠭᠴᠢ ᠶᠢᠨ ᠢᠷᠡᠯᠲᠡ ᠶᠢᠨ ᠭᠠᠵᠠᠷ ᠤᠨ ᠢᠲᠡᠭᠡᠮᠵᠢᠲᠦ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ︵ᠵᠢᠭᠡᠯᠡᠯᠭᠡ ᠪᠤᠴᠠᠭᠠᠵᠤ ᠠᠪᠤᠷᠠᠨ ᠲᠤᠰᠠᠯᠠᠬᠤ︶᠎ ᠶᠢᠨ ᠲᠥᠷᠥ ᠶᠢᠨ ᠪᠣᠳᠣᠯᠭ᠎ᠠ ᠶᠢᠨ ᠲᠠᠶᠢᠯᠤᠮᠵᠢ ( ᠭᠣᠷᠪᠠ)
ᠨᠡᠶᠢᠲᠡᠯᠡᠭᠰᠡᠨ ᠴᠠᠭ᠄
2024/11/17
ᠬᠦᠨᠳᠦ ᠡᠪᠡᠳᠴᠢᠨ ᠢ ᠮᠠᠭᠠᠳᠯᠠᠨ ᠲᠣᠭᠲᠠᠭᠠᠬᠤ᠄        ︽ᠬᠤᠲᠠ ᠬᠥᠳᠡᠭᠡ ᠶᠢᠨ ᠡᠮ ᠡᠮᠨᠡᠯᠭᠡ ᠶᠢᠨ ᠠᠪᠤᠷᠠᠨ ᠲᠤᠰᠠᠯᠠᠬᠤ ᠳᠦᠷᠢᠮ ᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠲᠤᠬᠠᠢ ᠰᠠᠨᠠᠯ︾ ︵ᠥᠪᠥᠷ ᠠᠷᠠᠳ ᠤᠨ ᠶᠠᠪᠤᠳᠠᠯ ᠨᠡᠶᠢᠭᠡᠮ ᠤᠨ ᠠᠪᠤᠷᠠᠨ ᠲᠤᠰᠠᠯᠠᠯᠲᠠ ﹇2013﹈ 210 ᠲᠣᠭᠠᠲᠤ︶᠎ ᠶᠢ ᠦᠨᠳᠦᠰᠦᠯᠡᠨ᠂ ᠬᠡᠦᠬᠡᠳ ᠤᠨ ᠲᠦᠷᠭᠡᠨ ᠴᠢᠨᠠᠷᠲᠠᠶ ᠴᠢᠰᠤ ᠴᠠᠶᠢᠬᠤ ᠡᠪᠡᠳᠴᠢᠨ ᠪᠠ ᠲᠥᠷᠥᠯᠬᠢ ᠵᠢᠷᠦᠬᠡᠨ ᠡᠪᠡᠳᠴᠢᠨ᠂ ᠰᠡᠭᠦᠯᠴᠢ ᠶᠢᠨ ᠬᠤᠭᠤᠴᠠᠭᠠᠨ ᠤ ᠪᠥᠭᠡᠷᠡᠨ ᠡᠪᠡᠳᠴᠢᠨ᠂ ᠡᠮᠡᠭᠲᠡᠶᠢᠴᠦᠳ ᠤᠨ ᠰᠠᠪᠠ ᠶᠢᠨ ᠬᠦᠵᠦᠭᠦᠨ ᠤ ᠥᠮᠡᠨ᠂ ᠬᠦᠬᠦᠨ ᠪᠤᠯᠴᠢᠷᠬᠠᠶ ᠶᠢᠨ ᠥᠮᠡᠨ᠂ ᠬᠦᠨᠳᠦ ᠮᠡᠳᠡᠷᠡᠯ ᠤᠨ ᠡᠪᠡᠳᠴᠢᠨ᠂ ᠠᠶᠢᠽ ᠡᠪᠡᠳᠴᠢᠨ ᠤ ᠲᠣᠬᠢᠶᠠᠯ ᠤᠨ ᠴᠢᠨᠠᠷᠲᠠᠶ ᠬᠠᠯᠳᠠᠪᠤᠷᠢᠯᠠᠯ᠂ ᠤᠯᠠᠨ ᠡᠮ ᠳᠤ ᠳᠠᠭᠠᠭᠠᠮᠠᠭᠠᠶ ᠠᠭᠤᠰᠬᠢᠨ ᠤ ᠰᠦᠷᠢᠶ᠎ᠡ᠂ ᠠᠭᠤᠰᠬᠢᠨ ᠥᠮᠡᠨ᠂ ᠤᠯᠠᠭᠠᠨ ᠬᠤᠭᠤᠯᠠᠶ ᠶᠢᠨ ᠥᠮᠡᠨ᠂ ᠬᠤᠳᠣᠭᠤᠳᠣᠨ ᠥᠮᠡᠨ᠂ ᠬᠤᠲᠣᠷᠢᠩᠬᠠᠶ ᠭᠡᠳᠡᠰᠦᠨ ᠤ ᠥᠮᠡᠨ᠂ ᠰᠢᠯᠤᠭᠤᠨ ᠭᠡᠳᠡᠰᠦᠨ ᠤ ᠥᠮᠡᠨ᠂ ᠮᠥᠬᠦᠯᠢᠭᠲᠦ ᠡᠰ ᠤᠨ ᠤᠳᠠᠭᠠᠨ ᠴᠢᠨᠠᠷᠲᠠᠶ ᠴᠢᠰᠤ ᠴᠠᠶᠢᠬᠤ ᠡᠪᠡᠳᠴᠢᠨ᠂ ᠲᠦᠷᠭᠡᠨ ᠴᠢᠨᠠᠷᠲᠠᠶ ᠵᠢᠷᠦᠬᠡᠨ ᠪᠤᠯᠴᠢᠩ ᠤᠨ ᠲᠦᠭᠵᠢᠷᠡᠯ᠂ ᠲᠠᠷᠢᠬᠢᠨ ᠤ ᠲᠦᠭᠵᠢᠷᠡᠯ᠂ ᠴᠢᠰᠤ ᠭᠤᠭᠤᠵᠢᠮᠠᠲᠠᠭᠠᠢ ᠡᠪᠡᠳᠴᠢᠨ᠂ I ᠬᠡᠯᠪᠡᠷᠢ ᠶᠢᠨ ᠰᠢᠬᠢᠷ ᠰᠢᠵᠢᠩ ᠡᠪᠡᠳᠴᠢᠨ᠂ ᠪᠠᠮᠪᠠᠢ ᠪᠤᠯᠴᠢᠷᠬᠠᠶ ᠡᠪᠡᠳᠴᠢᠨ᠂ ᠤᠷᠤᠭᠤᠯ ᠰᠡᠲᠡᠷᠬᠡᠶ ᠡᠪᠡᠳᠴᠢᠨ ᠵᠡᠷᠭᠡ 20  ᠵᠦᠢᠯ ᠤᠨ ᠡᠪᠡᠳᠴᠢᠨ ᠵᠢᠴᠢ 20 ᠵᠦᠢᠯ ᠤᠨ ᠬᠦᠨᠳᠦ ᠡᠪᠡᠳᠴᠢᠨ ᠠᠴᠠ ᠭᠠᠳᠠᠨᠠᠬᠢ ᠬᠤᠪᠣᠷ ᠲᠣᠬᠢᠶᠠᠯᠳᠤᠬᠤ ᠡᠪᠡᠳᠴᠢᠨ᠂ ᠡᠯ᠎ᠡ ᠵᠦᠢᠯ ᠤᠨ ᠬᠤᠤᠷᠲᠤ ᠬᠠᠪᠤᠳᠠᠷ ᠪᠥᠭᠡᠳ ᠡᠮᠴᠢᠯᠡᠭᠡᠨ ᠤ ᠵᠠᠷᠤᠳᠠᠯ ᠨᠢ 10 ᠲᠦᠮᠡᠨ ᠲᠥᠭᠦᠷᠢᠭ ᠠᠴᠠ ᠳᠡᠭᠡᠭᠰᠢ ᠪᠠᠶᠢᠪᠠᠯ ᠬᠦᠨᠳᠦ ᠣᠨᠴᠠ ᠶᠡᠭᠡ ᠡᠪᠡᠳᠴᠢᠨ ᠡᠮᠭᠡᠭ ᠢ ᠠᠪᠤᠷᠠᠨ ᠲᠤᠰᠠᠯᠠᠬᠤ ᠬᠡᠪᠴᠢᠶᠡᠨ ᠳᠤ ᠣᠷᠣᠭᠤᠯᠤᠨ᠎ᠠ᠃         ᠭᠤᠶᠤᠴᠢᠯᠠᠨ ᠮᠡᠳᠡᠭᠦᠯᠬᠦ ᠴᠠᠭ᠄ 2024 ᠣᠨ ᠤ 12 ᠰᠠᠷ᠎ᠠ ᠶᠢᠨ 19᠎ ᠤ ᠡᠳᠦᠷ ᠪᠣᠯᠲᠠᠯ᠎ᠠ        ᠬᠠᠷᠢᠯᠴᠠᠬᠤ ᠤᠲᠠᠰᠤ᠄ 0476 - 622114    0476 - 6229917᠃         ᠮᠡᠳᠡᠭᠦᠯᠬᠦ ᠨᠢᠭᠡᠴᠡ᠄ ᠪᠠᠭᠠᠷᠢᠨ ᠪᠠᠷᠠᠭᠤᠨ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ ︵ᠰᠤᠷᠭᠠᠨ ᠬᠥᠮᠦᠵᠢᠯ ᠤᠨ ᠪᠡᠯᠡ ᠮᠦᠩᠬᠦ ᠪᠠᠷ ᠲᠤᠰᠯᠠᠠᠬᠤ ᠠᠯᠪᠠᠨ ᠬᠡᠷ︶᠃         ᠨᠢᠭᠡᠴᠡ ᠶᠢᠨ ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠤᠨ ᠤ ᠰᠤᠷᠭᠠᠭᠤᠯᠢ ᠶᠢᠨ ᠵᠡᠭᠡᠯᠢ ᠶᠢᠨ 11 ᠨᠣᠮᠧᠷ ︵ᠤᠤᠯ ᠤᠨ ᠳ᠋ᠠᠪᠠᠨ ᠤ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠬᠦᠷᠢᠶᠡᠨ ᠲᠤᠳᠤᠷ᠎ᠠ ᠵᠡᠭᠦᠨ ᠲᠠᠯ᠎ᠠ ᠶᠢᠨ ᠠᠰᠠᠷ ᠤᠨ ᠨᠢᠭᠡᠳᠦᠭᠡᠷ ᠳᠠᠪᠬᠤᠷᠭ᠎ᠠ︶᠃                                             ᠪᠠᠭᠠᠷᠢᠨ ᠪᠠᠷᠠᠭᠤᠨ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ                                            2024 ᠣᠨ ᠤ 11ᠰᠠᠷ᠎ᠠ ᠶᠢᠨ 15᠎ ᠤ ᠡᠳᠦᠷ
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ