ᠪᠤᠭᠤᠷᠤᠯ ᠰᠠᠮᠠᠭᠠᠨ ᠪᠣᠯᠣᠯ᠎ᠠ ᠴᠤ ᠭᠡᠳ ᠪᠠᠭᠰᠢ ᠶᠢᠨ ᠢᠶᠠᠨ ᠳᠡᠷᠭᠡᠳᠡ ᠴᠤᠭᠯᠠᠷᠠᠬᠤ ᠰᠠᠶᠢᠬᠠᠨ
ᠨᠡᠶᠢᠲᠡᠯᠡᠭᠰᠡᠨ ᠴᠠᠭ᠄
2024/7/10
        ᠴᠡᠴᠡᠭ ᠬᠤᠸᠠᠷ ᠨᠢ ᠪᠠᠳᠠᠷᠠᠨ ᠳᠡᠯᠭᠡᠷᠡᠵᠦ᠂ ᠵᠦᠢᠯ ᠤᠨ ᠰᠢᠪᠠᠭᠤᠳ ᠨᠢ ᠴᠢᠯᠦᠭᠡᠲᠡᠢ ᠵᠢᠷᠭᠢᠭᠰᠡᠨ ᠵᠣᠨ ᠤ ᠵᠢᠷᠭᠤᠭᠠᠨ ᠰᠠᠷ᠎ᠠ ᠶᠢᠨ ᠰᠢᠨ᠎ᠡ ᠶᠢᠨ ᠨᠢᠭᠡᠨ ᠤ ᠡᠳᠦᠷ ᠤᠨ ᠦᠳᠡ ᠪᠠᠷ᠂ ᠤᠯᠠᠭᠠᠨᠬᠠᠳᠠ ᠬᠤᠲᠠ ᠶᠢᠨ ᠰᠢᠨ᠎ᠡ ᠬᠤᠲᠠ ᠲᠣᠭᠤᠷᠢᠭ ᠲᠠᠬᠢ ᠤᠯᠠᠭᠠᠨᠬᠠᠳᠠ ᠮᠣᠩᠭᠤᠯ ᠳᠤᠮᠳᠠᠳᠤ ᠰᠤᠷᠭᠠᠭᠤᠯᠢ ᠶᠢᠨ ᠡᠮᠦᠨ᠎ᠡ ᠪᠠᠶᠢᠷᠢᠯᠠᠭ᠎ᠠ ᠨᠠᠷᠠᠨ ᠰᠠᠴᠤᠷᠠᠭᠲᠤ ᠥᠯᠵᠡᠶᠢᠲᠦ ᠬᠤᠷᠢᠶᠠᠯᠠᠯ ᠤᠨ ᠠᠬᠠᠮᠠᠳ ᠪᠠᠭᠰᠢ ᠣᠶᠤᠨᠪᠠᠲᠤ ᠶᠢᠨ ᠭᠡᠷ ᠲᠤ ᠪᠥᠭᠡᠮ ᠴᠤᠭᠯᠠᠭᠠᠨ ᠪᠣᠯᠵᠤ ᠢᠨᠢᠶᠡᠳᠦ ᠪᠠᠶᠠᠰᠤᠯ ᠳᠦᠭᠦᠷᠦᠨ᠎ᠡ᠃ ᠥᠨᠥᠳᠥᠷ ᠪᠠᠭᠠᠷᠢᠨ ᠪᠠᠷᠠᠭᠤᠨ ᠬᠤᠰᠢᠭᠤᠨ ᠤ ᠪᠣᠷᠣᠠᠣᠰᠣ ᠳᠤᠮᠳᠠᠳᠤ ᠰᠤᠷᠭᠠᠭᠤᠯᠢ ᠠᠴᠠ ᠠᠩᠬ᠎ᠠ ᠳᠤᠮᠳᠠᠳᠤ ᠲᠡᠭᠦᠰᠦᠭᠰᠡᠨ ᠰᠣᠷᠣᠭᠴᠢᠳ᠂ ᠰᠤᠷᠤᠯᠭ᠎ᠠ ᠲᠡᠭᠦᠰᠦᠭᠰᠡᠨ ᠵᠢᠷᠠᠨ ᠵᠢᠯ ᠤᠨ ᠣᠢ ᠪᠠᠨ ᠳᠤᠷᠠᠰᠬᠠᠵᠤ᠂  ᠠᠩᠬᠢ ᠶᠢᠨ ᠪᠠᠭᠰᠢ ᠳᠠᠭᠠᠨ ᠵᠣᠯᠭᠠᠶ᠎ᠠ ᠂ ᠠᠨᠳᠠ ᠨᠥᠬᠦᠳ ᠲᠠᠢ ᠪᠠᠨ ᠠᠭᠤᠯᠵᠠᠶ᠎ᠠ ᠬᠡᠮᠡᠨ ᠠᠯᠤᠰ ᠬᠤᠯᠠ ᠶᠢᠨ ᠭᠦᠭᠡᠬᠤᠲᠠ ᠂ ᠠᠷᠤ ᠲᠠᠪᠤᠨ ᠪᠠᠭᠠᠷᠢᠨ ᠬᠡᠰᠢᠭᠲᠡᠨ ᠬᠤᠰᠢᠭᠤ ᠠᠴᠠ ᠬᠠᠶᠢᠷ᠎ᠠ ᠶᠢᠨ ᠬᠠᠯᠠᠭᠤᠨ ᠰᠡᠳᠬᠢᠯ ᠢᠶᠠᠨ ᠡᠪᠦᠷᠯᠡᠭᠡᠳ ᠲᠡᠮᠡᠦᠯᠵᠦ ᠢᠷᠠᠨ ᠪᠠᠭᠰᠢ ᠶᠢᠨ ᠢᠶᠠᠨ ᠳᠡᠷᠭᠡᠲᠡ ᠴᠤᠭᠯᠠᠷᠠᠭᠰᠠᠨ ᠨᠢ ᠡᠨᠡ ᠪᠠᠶᠢᠵᠠᠢ᠃
1.jpg
2.jpg
3.jpg
      ᠳᠡᠭᠡᠷ᠎ᠡ ᠵᠠᠭᠤᠨ ᠤ ᠵᠢᠷᠠᠭᠠᠳ ᠣᠨ ᠤ ᠡᠬᠢᠨ ᠤ ᠬᠦᠴᠢᠷ ᠪᠡᠷᠬᠡᠰᠢᠶᠡᠯ ᠲᠠᠢ ᠴᠠᠭ ᠲᠤ᠂ ᠣᠩᠭᠤᠨ ᠨᠤᠲᠤᠭ ᠤᠨ ᠪᠣᠷᠣᠠᠣᠰᠣ ᠳᠤᠮᠳᠠᠳᠤ ᠰᠤᠷᠭᠠᠭᠤᠯᠢ ᠶᠢᠨ ᠠᠯᠲᠠᠨ ᠪᠣᠱᠤᠭ᠎ᠠ ᠶᠢ ᠠᠩᠬ᠎ᠠ ᠠᠯᠬᠤᠵᠤ ᠣᠷᠣᠭᠰᠠᠨ ᠮᠠᠯᠴᠢᠳ ᠤᠨ ᠬᠡᠦᠬᠡᠳ ᠤᠳ ᠨᠢᠭᠡ ᠠᠩᠬᠢ ᠳᠤ ᠰᠠᠭᠤᠵᠤ ᠨᠢᠭᠡ ᠪᠠᠭᠰᠢ ᠠᠴᠠ ᠰᠣᠷᠣᠭᠠᠳ ᠠᠵᠢᠯ ᠠᠮᠢᠳᠤᠷᠠᠯ ᠤᠨ ᠡᠷᠬᠡ ᠪᠠᠷ ᠠᠷᠪᠠᠨ ᠵᠦᠭ ᠲᠤ ᠵᠠᠮᠨᠠᠨ ᠣᠳᠴᠤ ᠠᠴᠢᠲᠤ ᠪᠠᠭᠰᠢ᠂ ᠬᠠᠮᠲᠤ ᠰᠤᠷᠤᠬᠴᠢ ᠨᠥᠬᠦᠳ ᠠᠴᠠ ᠪᠠᠨ ᠠᠶᠠᠷᠯᠠᠵᠤ ᠰᠠᠯᠤᠭᠠᠳ ᠪᠦᠲᠦᠨ ᠵᠢᠷᠠᠨ ᠵᠢᠯ ᠪᠣᠯᠵᠤ᠂ ᠡᠳᠦᠭᠡ ᠳᠠᠬᠢᠨ ᠠᠭᠤᠯᠵᠠᠨ ᠤᠴᠠᠷᠠᠬᠤᠶ᠎ᠠ ᠪᠠᠭᠰᠢ ᠰᠣᠷᠣᠭᠴᠢᠳ ᠤᠨ ᠰᠡᠳᠬᠢᠯ ᠣᠷᠭᠢᠯᠤᠮ᠎ᠠ᠂ ᠦᠭᠡ ᠴᠠᠯᠭᠢᠯᠠᠮ᠎ᠠ᠃ ᠣᠯᠠᠩᠬᠢ ᠨᠢ ᠨᠢᠭᠡᠨᠲᠡ ᠨᠠᠶᠠ ᠶᠢ ᠰᠢᠭᠦᠷᠴᠦ᠂ ᠬᠠᠮᠤᠭ ᠤᠨ ︽ᠵᠠᠯᠠᠭᠤ︾ ᠭᠡᠰᠡᠨ ᠨᠢ ᠭᠡᠳ ᠳᠠᠯᠠᠨ ᠳᠣᠯᠣᠭᠠᠲᠠᠢ ᠪᠤᠭᠤᠷᠤᠯ ᠰᠠᠮᠠᠭᠠᠨ ᠪᠣᠯᠣᠭᠰᠠᠨ ᠰᠣᠷᠣᠭᠴᠢᠳ ᠨᠢ ᠶᠡᠷᠡᠨ ᠨᠠᠰᠤ ᠶᠢ ᠲᠦᠬᠦᠭᠰᠡᠨ ᠥᠨᠳᠥᠷ ᠨᠠᠰᠤᠲᠠᠨ ᠪᠠᠭᠰᠢ ᠳᠠᠭᠠᠨ ᠰᠠᠮᠪᠠᠢ ᠬᠠᠳᠠᠭ ᠢᠶᠠᠨ ᠳᠡᠯᠭᠡᠨ᠂ ᠰᠠᠷᠬᠤᠳ ᠤᠨ ᠳᠡᠭᠡᠵᠢ ᠪᠠᠨ ᠪᠠᠷᠢᠵᠤ ᠶᠣᠰᠣᠯᠠᠨ ᠵᠣᠯᠭᠠᠵᠠᠭᠠᠵᠠᠢ᠃  ᠲᠡᠳᠡᠨᠡᠷ ᠠᠯᠢᠶ᠎ᠠ ᠵᠢᠭᠠᠬᠠᠨ ᠨᠠᠰᠤᠨ ᠳᠠᠭᠠᠨ ᠪᠠᠭᠰᠢ ᠳᠠᠭᠠᠨ ᠠᠭᠤᠷᠯᠠᠭᠤᠯᠵᠤ ᠳᠣᠩᠭᠤᠳᠤᠭᠤᠯᠵᠤ᠂ ᠬᠠᠶᠢᠷᠠᠯᠠᠭᠤᠯᠵᠤ ᠮᠠᠭᠲᠠᠭᠤᠯᠵᠤ ᠶᠠᠪᠤᠭᠰᠠᠨ ᠢᠶᠠᠨ᠂  ᠪᠠᠭᠰᠢ ᠶᠢᠨ ᠰᠣᠷᠣᠭᠴᠢᠳ ᠢᠶᠠᠨ ᠠᠪᠤ ᠰᠢᠭ᠋ ᠬᠠᠲᠠᠭᠤ ᠪᠠᠷ ᠰᠤᠷᠭᠠᠵᠤ᠂ ᠡᠵᠢ ᠰᠢᠭ ᠵᠥᠭᠡᠯᠡᠨ ᠢᠶᠠᠷ ᠪᠦᠪᠠᠶᠢᠯᠠᠵᠣ ᠶᠠᠪᠤᠭᠰᠠᠨ ᠰᠤᠷᠭᠠᠭᠤᠯᠢ ᠶᠢᠨ ᠠᠮᠢᠳᠤᠷᠠᠯ ᠢᠶᠠᠨ ᠠᠭᠤᠵᠢᠷᠠᠲᠠᠯ᠎ᠠ ᠬᠦᠣᠷᠨᠢᠯᠳᠦᠨ ᠤᠳᠠᠭᠠᠨ ᠡᠳᠦᠷ ᠵᠤᠵᠠᠭᠠᠨ ᠬᠤᠨᠤᠭ ᠤᠨ ᠰᠠᠨᠠᠵᠤ ᠪᠣᠳᠣᠭᠰᠠᠨ ᠢᠶᠠᠨ ᠠᠭᠤᠳᠠᠯᠤᠨ ᠳᠡᠯᠭᠡᠵᠦ ᠪᠠᠶᠠᠰᠴᠠᠢ᠃ ᠲᠤᠬᠠᠢ ᠶᠢᠨ ᠵᠢᠯ᠂ ᠲᠣᠰ ᠠᠩᠬᠢ ᠶᠢᠨ ᠬᠢᠨ ᠠᠩᠬ᠎ᠠ ᠳᠤᠮᠳᠠᠳᠤ ᠲᠡᠭᠦᠰᠬᠦ ᠰᠢᠯᠭᠠᠯᠲᠠ ᠳᠠᠭᠠᠨ ᠪᠥᠬᠦ ᠵᠤᠤ ᠤᠳᠠ ᠠᠶᠢᠮᠠᠭ ᠲᠠᠭᠠᠨ ᠲᠡᠷᠢᠭᠦᠯᠡᠵᠣ᠂ ᠣᠨᠴᠠ ᠰᠤᠷᠤᠯᠭ᠎ᠠ ᠲᠠᠢ ᠰᠣᠷᠣᠭᠴᠢᠳ ᠨᠢ ᠥᠪᠡᠷᠲᠡᠭᠡᠨ ᠵᠠᠰᠠᠬᠤ ᠣᠷᠣᠨ ᠤ ᠠᠯᠲᠠ᠂ ᠮᠥᠩᠭᠦᠨ ᠮᠧᠳᠠᠯ ᠢ ᠲᠣᠰᠣᠭᠰᠠᠨ ᠠᠯᠳᠠᠷ ᠲᠡᠦᠬᠡ ᠲᠠᠢ ᠪᠥᠭᠡᠳ ᠲᠠᠪᠰᠢᠨ ᠰᠣᠷᠣᠭᠠᠳ ᠡᠯ᠎ᠡ ᠭᠠᠵᠠᠷ ᠡᠯ᠎ᠡ ᠠᠵᠢᠯ ᠤᠨ ᠪᠠᠶᠢᠷᠢ ᠳᠡᠭᠡᠷ᠎ᠡ ᠭᠠᠷᠴᠤ ᠡᠬᠡ ᠣᠷᠣᠨ ᠤ ᠪᠠᠨ ᠪᠦᠲᠦᠭᠡᠨ ᠪᠠᠶᠢᠢᠭᠤᠯᠤᠯᠲᠠ ᠳᠤ ᠦᠯᠡᠮᠵᠢ ᠨᠡᠮᠡᠷᠢ ᠪᠠᠨ ᠦᠵᠡᠭᠦᠯᠵᠦ᠂ ᠨᠤᠲᠤᠭ ᠣᠷᠣᠨ ᠤ ᠪᠠᠨ ᠠᠯᠳᠠᠷ ᠢ ᠡᠷᠭᠦᠵᠦ᠂ ᠥᠨᠳᠥᠷ ᠵᠡᠷᠭᠡ ᠳᠤ ᠬᠦᠷᠦᠭᠰᠡᠨ ᠴᠤ ᠣᠯᠠᠨ ᠪᠠᠶᠢᠬᠤ ᠶᠤᠮ ᠪᠠᠶᠢᠨ᠎ᠠ᠃ ᠠᠭᠰᠠᠷᠭ᠎ᠠ ᠨᠠᠰᠤᠲᠠᠨ ᠣᠶᠤᠨᠪᠠᠲᠤ ᠪᠠᠭᠰᠢ ᠠᠴᠠ ᠥᠪᠡᠷ ᠤᠨ ᠰᠠᠶ᠋ᠢᠬᠠᠨ ᠬᠡᠪᠯᠡᠭᠦᠯᠦᠭᠰᠡᠨ ᠤᠳᠠᠭᠠᠨ ᠵᠢᠯ ᠪᠢᠴᠢᠵᠦ ᠲᠡᠮᠳᠡᠭᠯᠡᠭᠰᠡᠨ ᠠᠵᠢᠯ ᠦᠢᠯᠡᠰ ᠤᠨ ᠣᠯᠠ ᠮᠥᠷ᠂ ᠵᠣᠬᠢᠶᠠᠵᠤ ᠪᠦᠲᠦᠭᠡᠭᠰᠡᠨ ᠰᠢᠯᠦᠭ ᠨᠠᠶᠢᠷᠠᠭᠤᠯᠤᠯ ᠵᠡᠷᠭᠡ ᠣᠯᠠᠨ ᠰᠲ᠋ᠢᠯᠢ ᠲᠠᠢ ᠪᠦᠲᠦᠭᠡᠯ ᠪᠣᠯᠬᠤ ︽ᠳᠤᠷᠠᠰᠤᠮᠵᠢ︾ ᠬᠡᠮᠡᠬᠦ ᠵᠤᠵᠠᠭᠠᠨ ᠨᠣᠮ ᠢᠶᠠᠨ ᠬᠠᠶᠢᠷᠠᠲᠠᠢ ᠰᠣᠷᠣᠭᠴᠢᠳ ᠨᠢᠭᠡᠪᠦᠷᠢ ᠳᠡᠭᠡᠨ ᠱᠠᠩᠨᠠᠪᠠ᠃ ᠣᠶᠤᠨᠪᠠᠲᠤ ᠪᠠᠭᠰᠢ᠂ ᠵᠠᠯᠠᠭᠤ ᠬᠠᠯᠠᠭᠤᠨ ᠨᠠᠰᠤᠨ ᠳᠠᠭᠠᠨ ᠰᠤᠷᠤᠯᠭ᠎ᠠ ᠰᠣᠶᠣᠯ ᠤᠨ ᠮᠥᠷ ᠬᠥᠭᠡᠭᠡᠵᠦ ᠭᠡᠷ ᠨᠤᠲᠤᠭ ᠳᠦᠰᠢᠶᠡᠲᠦ ᠠᠴᠠ ᠪᠠᠨ ᠰᠠᠯᠵᠤ᠂ ᠪᠠᠭᠠᠷᠢᠨ ᠪᠠᠷᠠᠭᠤᠨ ᠬᠤᠰᠢᠭᠤᠨ ᠳᠤ ᠠᠵᠢᠯ ᠠᠯᠪᠠ ᠳᠤ ᠭᠠᠷᠴᠤ᠂ ᠤᠷᠢᠳ ᠬᠤᠵᠢᠳ ᠪᠣᠷᠣᠠᠣᠰᠣ ᠳᠤᠮᠳᠠᠳᠤ ᠰᠤᠷᠭᠠᠭᠤᠯᠢ ᠳᠤ ᠪᠠᠭᠰᠢᠯᠠᠵᠤ᠂ ᠳᠠᠷᠤᠭᠠᠯᠠᠵᠤ᠂ ᠵᠢᠷᠭᠠᠯ ᠤᠨ ᠵᠠᠮ ᠳᠤᠮᠳᠠᠳᠤ ᠰᠤᠷᠭᠠᠭᠤᠯᠢ ᠤᠨ ᠵᠠᠬᠢᠷᠤᠯ᠂ ᠪᠠᠭᠠᠷᠢᠨ ᠪᠠᠷᠠᠭᠤᠨ ᠬᠤᠰᠢᠭᠤᠨ ᠤ ᠵᠢᠭᠠᠬᠤ ᠶᠢ ᠰᠤᠳᠤᠯᠬᠤ ᠲᠠᠰᠤᠭ ᠤᠨ ᠡᠷᠬᠢᠯᠡᠭᠴᠢ ᠵᠡᠷᠭᠡ ᠲᠤᠰᠢᠶᠠᠯ ᠢ ᠬᠠᠷᠢᠭᠤᠴᠠᠵᠤ ᠶᠠᠪᠤᠭᠰᠠᠨ ᠢᠶᠠᠨ ᠯᠢᠨᠳᠦ᠋ᠩ ᠳᠠᠬᠢ ᠪᠠᠭᠰᠢ ᠶᠢᠨ ᠰᠤᠷᠭᠠᠭᠤᠯᠢ ᠳᠤ ᠲᠤᠰᠢᠶᠠᠯ ᠲᠠᠪᠰᠢᠨ ᠰᠤᠷᠭᠠᠭᠤᠯᠢ ᠶᠢᠨ ᠤᠳᠤᠷᠢᠳᠬᠤ ᠪᠠᠶᠢᠷᠢ ᠳᠤ ᠠᠷᠪᠠᠨ ᠬᠤᠶᠠᠷ ᠵᠢᠯ ᠠᠵᠢᠯᠯᠠᠵᠤ᠂ ᠦᠶ᠎ᠡ ᠦᠶ᠎ᠡ ᠶᠢᠨ ᠰᠣᠷᠣᠭᠴᠢᠳ ᠢᠶᠠᠨ ᠦᠯᠡᠮᠵᠢ ᠠᠷᠪᠢᠨ ᠬᠥᠮᠥᠵᠢᠭᠦᠯᠵᠦ᠂ ᠨᠠᠮ ᠤᠨ ᠰᠤᠷᠭᠠᠨ ᠬᠥᠮᠦᠵᠢᠯ ᠤᠨ ᠦᠢᠯᠡᠰ ᠲᠤ ᠭᠤᠶᠠᠴᠢ ᠦᠭᠡᠢ ᠵᠢᠳᠬᠦᠯ ᠢᠶᠠᠨ ᠦᠵᠡᠭᠦᠯᠦᠭᠰᠡᠨ ᠨᠡᠷ᠎ᠡ ᠬᠦᠨᠳᠦ ᠲᠠᠢ ᠠᠬᠠᠮᠠᠳ ᠪᠠᠭᠰᠢ ᠶᠤᠮ᠃ ᠠᠯᠠᠭ᠎ᠠ ᠪᠠᠨ ᠳᠡᠯᠭᠡᠵᠦ ᠪᠠᠭᠰᠢ ᠶᠢᠨ ᠢᠶᠠᠨ ᠭᠠᠷ ᠠᠴᠠ ᠰᠠᠶᠢᠰᠢᠶᠠᠯ ᠬᠥᠬᠢᠭᠦᠯᠦᠯ ᠲᠣᠰᠳᠠᠭ ᠰᠣᠷᠣᠭᠴᠢᠳ ᠨᠢ ᠠᠴᠢ ᠭᠠᠪᠢᠶ᠎ᠠ ᠲᠠᠢ᠂ ᠠᠯᠳᠠᠷ ᠬᠦᠨᠳᠦ ᠲᠠᠢ ᠪᠠᠭᠰᠢ ᠳᠠᠭᠠᠨ ︽ᠰᠤᠷᠭᠠᠨ ᠬᠥᠮᠦᠵᠢᠯ ᠤᠨ ᠠᠪᠤᠷᠭᠤ ᠳᠠᠷᠬᠠᠨ᠂ ᠰᠤᠷᠤᠬᠴᠢ ᠪᠢᠳᠡᠨ ᠤ ᠠᠴᠢᠲᠤ ᠪᠠᠭᠰᠢ︾ ᠬᠡᠮᠡᠬᠦ ᠪᠢᠴᠢᠮᠡᠯ ᠲᠠᠢ᠂ ᠠᠯᠳᠠᠨ ᠬᠦᠷᠢᠶ᠎ᠡ ᠲᠠᠢ ᠬᠦᠨᠳᠦᠳᠬᠡᠯ ᠤᠨ ᠦᠨᠡᠮᠯᠡᠬᠦ ᠶᠢ ᠡᠷᠭᠦᠨ᠂ ᠠᠴᠢᠲᠤ ᠪᠠᠭᠰᠢ ᠶᠢᠨ ᠢᠶᠠᠨ ᠤᠷᠲᠤ ᠨᠠᠰᠤᠯᠠᠵᠤ ᠤᠳᠠᠭᠠᠨ ᠵᠢᠷᠭᠠᠬᠤ ᠶᠢ  ᠵᠥᠩᠨᠡᠨ ᠪᠡᠯᠭᠡᠯᠡᠵᠡᠢ ᠃
4.jpg
5.jpg
6.jpg
      ᠠᠭᠤᠯᠠ ᠶᠢᠨ ᠴᠢᠨᠡᠭᠡᠨ ᠪᠣᠯᠣᠯ᠎ᠠ ᠭᠡᠳ ᠤᠭ ᠢᠶᠠᠨ ᠮᠠᠷᠲᠠᠬᠤ ᠶᠣᠰᠣ ᠦᠭᠡᠢ᠂ ᠥᠲᠡᠭᠦᠰ ᠪᠤᠭᠤᠷᠤᠯ ᠪᠣᠯᠣᠯ᠎ᠠ ᠭᠡᠳ ᠪᠠᠭᠰᠢ ᠪᠠᠨ  ᠬᠠᠶᠠᠬᠤ ᠶᠣᠰᠣ ᠦᠭᠡᠢ᠃ ᠠᠩᠬ᠎ᠠ ᠳᠤᠮᠳᠠᠳᠤ ᠪᠠᠨ ᠲᠡᠭᠦᠰᠴᠦ ᠵᠢᠷᠠᠨ ᠵᠢᠯ ᠪᠣᠯᠣᠭᠠᠳ ᠰᠠᠶ᠋ᠢ ᠪᠠᠶᠠᠷ ᠤᠨ ᠶᠣᠰᠣᠭᠠᠷ ᠪᠦᠭᠦᠳᠡᠭᠡᠷ ᠠᠭᠤᠯᠵᠠᠭ᠎ᠠ  ᠬᠥᠭᠡᠷᠦᠬᠦᠢ ᠡᠪᠦᠭᠡᠨ ᠬᠥᠭᠰᠢᠨ ᠨᠣᠮ ᠤᠨ ᠬᠠᠨᠢᠲᠠᠳ᠂ ᠵᠠᠷᠢᠮ ᠨᠢ ᠲᠠᠶᠠᠭ ᠲᠤᠯᠵᠤ ᠨᠡᠶᠢᠲᠡ ᠶᠢᠨ ᠮᠠᠰᠢᠨ ᠳᠤ ᠰᠠᠭᠤᠵᠤ᠂ ᠵᠠᠷᠢᠮ ᠨᠢ ᠬᠡᠦᠬᠡᠳ ᠢᠶᠠᠷ ᠢᠶᠠᠨ ᠲᠦᠰᠢᠭᠦᠯᠵᠦ ᠬᠦᠷᠭᠡᠯᠭᠡᠭᠡᠳ ᠵᠦᠭ ᠪᠦᠷᠢ ᠠᠴᠠ ᠪᠠᠭᠰᠢ ᠶᠢᠨ ᠢᠶᠠᠨ ᠳᠡᠷᠭᠡᠲᠡ ᠴᠤᠭᠯᠠᠷᠠᠵᠤ᠂ ᠬᠡᠦᠬᠡᠳ ᠦᠶ᠎ᠡ ᠳᠡᠭᠡᠨ ᠪᠤᠴᠠᠭᠰᠠᠨ ᠮᠡᠲᠦ ᠡᠷᠬᠡᠯᠡᠨ ᠬᠥᠭᠡᠷᠴᠦ᠂ ᠬᠤᠨᠣᠨ ᠥᠨᠵᠢᠨ ᠨᠠᠶᠢᠷᠯᠠᠨ ᠪᠠᠶᠠᠰᠤᠯᠴᠠᠪᠠ᠃ ᠬᠤᠶᠢᠴᠢ ᠦᠶ᠎ᠡ ᠬᠢᠨ ᠳᠡᠭᠡᠨ᠂ ᠬᠥᠮᠥᠨ ᠵᠣᠨ ᠳᠠᠭᠠᠨ ᠶᠠᠭᠤ ᠨᠢᠭᠡ ᠶᠢ ᠰᠠᠨᠠᠭᠤᠯᠤᠭᠰᠠᠨ ᠲᠣᠰ ᠤᠳᠠᠭᠠᠨ ᠤ ᠤᠳᠬ᠎ᠠ ᠠᠭᠤᠯᠭ᠎ᠠ ᠲᠠᠢ ᠡᠷᠬᠢᠮ ᠨᠠᠨᠳᠢᠨ ᠬᠠᠮᠲᠤ ᠶᠢᠨ ᠵᠣᠯᠭᠠᠯᠲᠠ ᠨᠢ ᠪᠠᠭᠰᠢ ᠱᠠᠪᠢ ᠨᠠᠷ ᠤᠨ ᠳᠠᠬᠢᠨ ᠤᠴᠠᠷᠠᠬᠤ ᠶᠢᠨ ᠰᠠᠶᠢᠬᠠᠨ ᠢᠷᠦᠭᠡᠯ ᠲᠠᠯᠪᠢᠵᠤ ᠬᠦᠰᠡᠯ ᠰᠡᠳᠬᠢᠯ ᠳᠦᠭᠦᠷᠡᠩ ᠥᠨᠳᠥᠷᠯᠡᠵᠡᠢ᠃ ︵ᠬᠦᠬᠡᠳᠠᠪᠠᠯᠭᠠᠨ ᠮᠡᠳᠡᠬᠡᠯᠡᠪᠡ︶ 2024 ᠣᠨ ᠤ 7 ᠰᠠᠷ᠎ᠠ ᠶᠢᠨ 6᠎ ᠤ ᠡᠳᠦᠷ
9.jpg
8.jpg
7.jpg    
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ