| | | ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ ᠲᠦᠷᠦᠭᠦᠬᠡᠨ ᠥᠪᠡᠷᠲᠡᠭᠡᠨ ᠵᠠᠰᠠᠬᠤ ᠣᠷᠣᠨ ᠤ | ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠤᠯᠤᠰ ᠤᠨ ᠡᠮ ᠡᠮᠨᠡᠯᠬᠡ ᠶᠢᠨ ᠲᠠᠭᠠᠳᠬᠠᠯ ᠤᠨ ᠮᠡᠳᠡᠭᠡ ᠵᠠᠩᠭᠢ ᠶᠢᠨ ᠲᠠᠪᠴᠠᠩ ᠢ ᠭᠦᠢᠴᠡᠳ ᠠᠰᠢᠭᠯᠠᠭᠰᠠᠨ ᠰᠠᠭᠤᠷᠢᠨ | ᠳᠡᠭᠡᠷ᠎ᠡ᠂ ᠴᠢᠳᠠᠮᠵᠢ ᠶᠢ ᠥᠷᠭᠡᠳᠭᠡᠨ ᠦᠢᠯᠡᠴᠢᠯᠡᠭᠡ ᠪᠠᠨ ᠰᠢᠯᠢᠳᠡᠭᠵᠢᠭᠦᠯᠵᠦ᠂ ᠥᠪᠥᠷ ᠮᠣᠩᠭᠤᠯ ᠤᠨ ᠡᠮ ᠡᠮᠨᠡᠯᠬᠡ ᠶᠢᠨ ᠳᠠᠭᠠᠳᠬᠠᠯ ᠤᠨ APP ᠳᠡᠭᠡᠷ᠎ᠡ ︽ | ᠡᠮ ᠤᠨ ᠳᠡᠯᠭᠡᠭᠦᠷ ᠤᠨ ᠦᠨ᠎ᠡ ᠬᠠᠨᠭ᠍ᠰᠢ ᠶᠢ ᠬᠠᠷᠢᠴᠠᠭᠤᠯᠬᠤ ᠨᠠᠪᠲᠠᠷᠠᠯ︾ ᠦᠢᠯᠡᠴᠢᠯᠡᠭᠡ ᠶᠢ ᠲᠤᠷᠰᠢᠨ ᠠᠵᠢᠯᠯᠠᠭᠤᠯᠵᠤ᠂ ᠣᠯᠠᠨ ᠲᠦᠮᠡᠨ ᠭᠠᠷ ᠤᠲᠠᠰᠤᠨ ᠳᠡᠭᠡᠷ᠎ᠡ | ᠨᠢᠭᠡ ᠳᠠᠷᠤᠪᠴᠢ ᠪᠠᠷ ᠪᠠᠶᠢᠴᠠᠭᠠᠨ ᠯᠠᠪᠯᠠᠵᠤ᠂ ᠡᠮ ᠤᠨ ᠵᠦᠢᠯᠡᠰ ᠤᠨ ᠦᠨ᠎ᠡ ᠬᠠᠩᠰᠢ ᠶᠢ ᠴᠠᠭ ᠲᠤᠬᠠᠶ ᠳᠤᠨᠢ ᠬᠠᠷᠢᠴᠠᠭᠤᠯᠵᠤ᠂ ᠡᠮ ᠤᠨ ᠵᠦᠢᠯᠡᠰ ᠤᠨ ᠦᠨ᠎ᠡ | ᠬᠠᠩᠰᠢ ᠶᠢ ᠨᠠᠩ ᠢᠯᠡ ᠲᠣᠳᠣ ᠪᠣᠯᠭᠠᠬᠤ ᠶᠢ ᠠᠬᠢᠭᠤᠯᠪᠠ᠃ | ᠣᠶᠢᠯᠠᠭᠠᠭᠰᠠᠨ ᠢᠶᠠᠷ᠂ ︽ᠡᠮ ᠤᠨ ᠳᠡᠯᠭᠡᠭᠦᠷ ᠤᠨ ᠦᠨ᠎ᠡ ᠬᠠᠨᠭ᠍ᠰᠢ ᠶᠢ ᠬᠠᠷᠢᠴᠠᠭᠤᠯᠬᠤ ᠨᠡᠪᠲᠡᠷᠡᠯ︾ ᠤᠨ ᠲᠤᠭ᠎ᠠ ᠪᠠᠷᠢᠮᠲᠠ ᠨᠢ ᠲᠣᠭᠲᠠᠭᠰᠠᠨ ᠴᠡᠭ ᠤᠨ | ᠵᠢᠵᠢᠭᠯᠡᠨ ᠪᠤᠷᠤᠯᠠᠭᠤᠯᠬᠤ ᠡᠮ ᠤᠨ ᠳᠡᠯᠭᠡᠭᠦᠷ ᠠᠴᠠ ᠡᠮ ᠡᠮᠨᠡᠯᠬᠡ ᠶᠢᠨ ᠳᠠᠭᠠᠳᠬᠠᠯ ᠳᠤ ᠳᠠᠮᠵᠢᠭᠤᠯᠤᠭᠰᠠᠨ ᠦᠨᠡᠨ ᠪᠣᠳᠠᠲᠠᠶ ᠳ᠋ᠦᠩᠨᠡᠨ ᠪᠤᠳᠤᠭᠰᠠᠨ ᠮᠡᠳᠡᠭᠡ | ᠵᠠᠩᠭᠢ ᠠᠴᠠ ᠢᠷᠡᠯᠲᠡ ᠲᠠᠢ ᠪᠠᠶᠢᠵᠤ᠂ ᠡᠮ ᠤᠨ ᠳᠡᠯᠭᠡᠭᠦᠷ ᠤᠨ ᠣᠶᠢᠷ᠎ᠠ ᠶᠢᠨ ᠨᠢᠭᠡ ᠤᠳᠠᠭᠠᠨ ᠤ ᠪᠣᠷᠣᠯᠠᠭᠤᠯᠤᠭᠰᠠᠨ ᠡᠮ ᠤᠨ ᠵᠦᠢᠯᠡᠰ ᠤᠨ ᠦᠨ᠎ᠡ ᠬᠠᠩᠰᠢ ᠪᠠᠷ | ᠬᠠᠷᠢᠴᠠᠭᠤᠯᠵᠤ ᠦᠨ᠎ᠡ ᠬᠠᠩᠰᠢ ᠶᠢᠨ ᠭᠦᠢᠴᠡᠳᠭᠡᠯ ᠲᠤᠭ᠎ᠠ ᠪᠣᠯᠭᠠᠵᠤ᠂ ᠳᠠᠭᠠᠳᠬᠠᠯ ᠳᠤ ᠣᠷᠣᠯᠴᠠᠭᠰᠠᠨ ᠣᠯᠠᠨ ᠲᠦᠮᠡᠨ ᠤ ᠭᠠᠷ ᠤᠲᠠᠰᠤᠨ ᠳᠡᠭᠡᠷ᠎ᠡ ᠡᠮ ᠤᠨ | ᠵᠦᠢᠯᠡᠰ ᠤᠨ ᠦᠨ᠎ᠡ ᠬᠠᠩᠰᠢ ᠶᠢ ᠳᠥᠭᠦᠮ ᠳᠥᠲᠡ ᠪᠥᠭᠡᠳ ᠴᠠᠭ ᠲᠤᠬᠠᠶ ᠳᠤᠨᠢ ᠪᠠᠶᠢᠴᠠᠭᠠᠨ ᠯᠠᠪᠯᠠᠬᠤ ᠶᠢ ᠪᠡᠶᠡᠯᠡᠭᠦᠯᠵᠦ᠂ ᠪᠡᠶ᠎ᠡ ᠪᠠᠨ ᠳᠠᠭᠠᠭᠠᠵᠤ ᠬᠠᠷᠢᠴᠠᠭᠤᠯᠬᠤ᠂ | ᠪᠡᠶ᠎ᠡ ᠪᠠᠨ ᠳᠠᠭᠠᠭᠠᠵᠤ ᠰᠣᠩᠭᠤᠬᠤ ᠳᠤ ᠲᠥᠬᠦᠮ ᠦᠵᠡᠭᠦᠯᠪᠡ᠃ ᠣᠳᠣᠬᠠᠨ ᠳᠤ᠂ ᠪᠥᠬᠦ ᠣᠷᠣᠨ ᠤ 1.7 ᠲᠦᠮᠡᠨ ᠡᠮ ᠤᠨ ᠳᠡᠯᠭᠡᠭᠦᠷ ᠤᠨ ᠮᠡᠳᠡᠭᠡ ᠵᠠᠩᠭᠢ ᠶᠢ | ᠪᠦᠬᠦᠨ ᠢ ᠥᠪᠥᠷ ᠮᠣᠩᠭᠤᠯ ᠤᠨ ᠡᠮ ᠡᠮᠨᠡᠯᠬᠡ ᠶᠢᠨ ᠳᠠᠭᠠᠳᠬᠠᠯ ᠤᠨ ᠡᠮ ᠤᠨ ᠵᠦᠢᠯᠡᠰ ᠤᠨ ᠬᠠᠷᠢᠴᠠᠭᠤᠯᠬᠤ ᠦᠨ᠎ᠡ ᠬᠠᠩᠰᠢ ᠶᠢᠨ ᠬᠡᠪᠴᠢᠶᠡᠨ ᠳᠤ ᠣᠷᠣᠭᠤᠯᠪᠠ᠃ | ᠳᠠᠭᠠᠳᠬᠠᠯ ᠳᠤ ᠣᠷᠣᠯᠴᠠᠭᠰᠠᠳ᠂ ︽ᠥᠪᠥᠷ ᠮᠣᠩᠭᠤᠯ ᠤᠨ ᠡᠮ ᠡᠮᠨᠡᠯᠭᠡ ᠶᠢᠨ ᠳᠠᠭᠠᠳᠬᠠᠯ ᠤᠨ APP︾ ᠳᠤ ᠣᠷᠣᠵᠤ᠂ ︽ᠬᠠᠯᠠᠮᠰᠢᠯ ᠠᠰᠠᠭᠤᠲᠠᠯ ᠢ | ᠪᠠᠶᠢᠴᠠᠭᠠᠨ ᠯᠠᠪᠯᠠᠬᠤ︾ ᠪᠤᠯᠤᠩ ᠠᠴᠠ ᠡᠮ ᠤᠨ ᠳᠡᠯᠭᠡᠭᠦᠷ ᠤᠨ ᠬᠠᠷᠢᠴᠠᠭᠤᠯᠤᠭᠰᠠᠨ ᠦᠨ᠎ᠡ ᠬᠠᠨᠭ᠍ᠰᠢ ᠶᠢᠨ ᠦᠢᠯᠡᠴᠢᠯᠡᠭᠡ ᠶᠢ ᠣᠯᠵᠤ᠂ ᠬᠠᠶᠢᠯᠳᠠ ᠪᠤᠯᠤᠩ ᠠᠴᠠ | ᠪᠠᠶᠢᠴᠠᠭᠠᠨ ᠯᠠᠪᠯᠠᠬᠤ ᠡᠮ ᠤᠨ ᠨᠡᠷᠡᠶᠢᠳᠦᠯ ᠢ ᠣᠷᠣᠭᠤᠯᠵᠤ᠂ ᠬᠢᠮᠢ ᠶᠢᠨ ᠨᠡᠷ᠎ᠡ ᠪᠠ ᠲᠠᠸᠠᠷ ᠤᠨ ᠨᠡᠷ᠎ᠡ ᠪᠠᠷ ᠲᠣᠰ ᠡᠮ ᠤᠨ ᠠᠳᠠᠯᠢ ᠪᠤᠰᠤ ᠦᠢᠯᠡᠳᠪᠦᠷᠢ᠂ ᠠᠳᠠᠯᠢ | ᠪᠤᠰᠤ ᠬᠡᠪ ᠪᠠᠷᠢᠮᠵᠢᠶ᠎ᠠ᠂ ᠠᠳᠠᠯᠢ ᠪᠤᠰᠤ ᠡᠮ ᠤᠨ ᠬᠡᠯᠪᠡᠷᠢ ᠶᠢᠨ ᠦᠢᠯᠡᠳᠬᠦᠨ ᠤ ᠮᠡᠳᠡᠭᠡ ᠵᠠᠩᠭᠢ ᠶᠢ ᠪᠠᠶᠢᠴᠠᠭᠠᠨ ᠦᠵᠡᠵᠦ᠂ ᠦᠨ᠎ᠡ ᠬᠠᠩᠰᠢ ᠶᠢ ᠬᠠᠷᠢᠴᠠᠭᠤᠯᠬᠤ | ᠴᠢᠬᠤᠯᠠ ᠲᠠᠢ ᠡᠮ ᠤᠨ ᠵᠦᠢᠯᠡᠰ ᠢ ᠰᠣᠩᠭᠤᠭᠰᠠᠨ ᠤ ᠳᠠᠷᠠᠭ᠎ᠠ ᠳᠠᠷᠤᠶ ᠲᠣᠰ ᠡᠮ ᠤᠨ ᠵᠦᠢᠯᠡᠰ ᠤᠨ ᠠᠳᠠᠯᠢ ᠪᠤᠰᠤ ᠲᠤᠭᠲᠠᠭᠰᠠᠨ ᠴᠡᠭ ᠤᠨ ᠡᠮ ᠤᠨ ᠳᠡᠯᠭᠡᠭᠦᠷ ᠤᠨ | ᠦᠨ᠎ᠡ ᠬᠠᠩᠰᠢ ᠶᠢ ᠪᠠᠶᠢᠴᠠᠭᠠᠨ ᠯᠠᠪᠯᠠᠵᠤ ᠪᠣᠯᠤᠨ᠎ᠠ᠃ ᠡᠮ ᠤᠨ ᠦᠨ᠎ᠡ ᠬᠠᠩᠰᠢ ᠶᠢ ᠪᠠᠶᠢᠴᠠᠭᠠᠨ ᠯᠠᠪᠯᠠᠭᠰᠠᠨ ᠤ ᠳᠠᠷᠠᠭ᠎ᠠ᠂ ᠡᠮ ᠤᠨ ᠳᠡᠯᠭᠡᠭᠦᠷ ᠲᠠᠢ ᠬᠠᠷᠢᠯᠴᠠᠵᠦ | ᠡᠮ ᠤᠨ ᠵᠦᠢᠯᠡᠰ ᠤᠨ ᠨᠠᠷᠢᠨ ᠪᠠᠶᠢᠳᠠᠯ ᠢ ᠣᠶᠢᠯᠠᠭᠠᠵᠤ ᠪᠣᠯᠤᠨ᠎ᠠ᠃ | ︽︿ᠡᠮ ᠤᠨ ᠳᠡᠯᠭᠡᠭᠦᠷ ᠤᠨ ᠦᠨ᠎ᠡ ᠬᠠᠨᠭ᠍ᠰᠢ ᠶᠢ ᠬᠠᠷᠢᠴᠠᠭᠤᠯᠬᠤ ᠨᠡᠪᠲᠡᠷᠡᠯ﹀ ᠦᠢᠯᠡᠴᠢᠯᠡᠭᠡ ᠶᠢ ᠰᠦᠯᠵᠢᠶᠡᠨ ᠳᠤ ᠭᠠᠷᠭᠠᠬᠰᠠᠨ ᠨᠢ ᠡᠮ ᠤᠨ ᠵᠦᠢᠯᠡᠰ ᠤᠨ | ᠦᠨ᠎ᠡ ᠬᠠᠩᠰᠢ ᠶᠢ ᠢᠯᠠ ᠪᠤᠯᠭᠠᠬᠤ ᠬᠡᠮᠵᠢᠶ᠎ᠡ ᠶᠢ ᠴᠢᠨᠠᠭᠰᠢᠲᠠ ᠳᠡᠭᠡᠭᠰᠢᠯᠡᠭᠦᠯᠵᠦ᠂ ᠳᠠᠭᠠᠳᠬᠠᠯ ᠳᠤ ᠣᠷᠣᠯᠴᠠᠭᠰᠠᠳ ᠢᠯᠠᠩᠭᠤᠶ᠎ᠠ ᠤᠳᠠᠭᠠᠨ ᠴᠢᠨᠠᠷᠲᠠᠶ ᠡᠪᠡᠳᠴᠢᠨ | ᠪᠠ ᠣᠷᠳᠣ ᠬᠤᠭᠤᠴᠠᠭ᠎ᠠ ᠪᠠᠷ ᠡᠮ ᠬᠡᠷᠡᠭᠯᠡᠬᠦ ᠡᠪᠡᠳᠴᠢᠲᠡᠨ ᠤ ᠳᠠᠷᠤᠭᠠᠰᠤ ᠶᠢ ᠬᠥᠩᠭᠡᠷᠡᠭᠦᠯᠬᠦ ᠶᠢᠨ ᠬᠠᠮᠲᠤ ᠪᠠᠰᠠ ᠲᠤᠭᠲᠠᠭᠰᠠᠨ ᠴᠡᠭ ᠤᠨ ᠡᠮ ᠤᠨ ᠳᠡᠯᠭᠡᠭᠦᠷ ᠤᠨ | ᠡᠮ ᠤᠨ ᠵᠦᠢᠯᠡᠰ ᠤᠨ ᠦᠨ᠎ᠡ ᠬᠠᠩᠰᠢ ᠶᠢ ᠵᠦᠶ ᠵᠣᠬᠢᠰᠲᠠᠶ ᠲᠣᠬᠢᠷᠠᠭᠤᠯᠬᠤ ᠶᠢ ᠠᠬᠢᠭᠤᠯᠵᠤ᠂ ᠡᠮ ᠡᠮᠨᠡᠯᠭᠡ ᠶᠢᠨ ᠡᠬᠢ ᠪᠠᠶᠠᠯᠢᠭ ᠢ ᠰᠢᠯᠢᠳᠡᠭᠵᠢᠭᠦᠯᠦᠨ | ᠲᠣᠬᠢᠷᠠᠭᠤᠯᠬᠤ ᠶᠢ ᠠᠬᠢᠭᠤᠯᠵᠤ᠂ ᠠᠵᠢᠯ ᠲᠥᠷᠥᠯ ᠤᠨ ᠪᠦᠬᠦᠯᠢ ᠴᠣᠭᠴᠠ ᠶᠢᠨ ᠦᠷ᠎ᠡ ᠪᠦᠲᠦᠮᠵᠢ ᠪᠠ ᠦᠢᠯᠡᠴᠢᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠤᠨ᠂ | ᠡᠮ ᠤᠨ ᠵᠦᠢᠯᠡᠰ ᠤᠨ ᠵᠠᠬ᠎ᠠ ᠳᠡᠯᠭᠡᠭᠦᠷ ᠤᠨ ᠡᠷᠬᠡ ᠲᠡᠭᠰᠢ ᠥᠷᠢᠰᠥᠯᠳᠦᠭᠡᠨ ᠢ ᠠᠬᠢᠭᠤᠯᠬᠤ ᠪᠣᠯᠤᠨ᠎ᠠ᠃︾ ᠥᠪᠡᠷᠲᠡᠭᠡᠨ ᠵᠠᠰᠠᠬᠤ ᠣᠷᠣᠨ ᠤ ᠡᠮᠴᠢᠯᠡᠬᠡᠨ ᠤ | ᠪᠠᠲᠤᠯᠠᠭ᠎ᠠ ᠶᠢᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ ᠴᠠᠩ ᠴᠢᠩ ᠬᠡᠯᠡᠬᠦ ᠳᠡᠭᠡᠨ᠂ ᠲᠠᠷᠠᠭᠠᠴᠢ ᠶᠢᠨ | ᠠᠯᠬᠤᠮ ᠳᠤ᠂ ᠥᠪᠡᠷᠲᠡᠭᠡᠨ ᠵᠠᠰᠠᠬᠤ ᠣᠷᠣᠨ ᠤ ᠡᠮᠴᠢᠯᠡᠬᠡᠨ ᠤ ᠪᠠᠲᠤᠯᠠᠭ᠎ᠠ ᠶᠢᠨ ᠰᠠᠯᠠᠭ᠎ᠠ ᠮᠥᠴᠢᠷ ᠬᠠᠮᠢᠶ᠎ᠠ ᠪᠦᠬᠦᠢ ᠳᠠᠪᠴᠠᠩ ᠤᠨ ᠡᠮ ᠤᠨ ᠵᠦᠢᠯᠡᠰ ᠤᠨ | ᠬᠠᠷᠢᠴᠠᠭᠤᠯᠤᠭᠰᠠᠨ ᠦᠨ᠎ᠡ ᠶᠢ ᠪᠠᠶᠢᠴᠠᠭᠠᠨ ᠯᠠᠪᠯᠠᠬᠤ ᠴᠢᠳᠠᠮᠵᠢ ᠶᠢ ᠵᠠᠯᠭᠠᠭ᠎ᠠ ᠪᠠᠷ ᠨᠡᠪᠲᠡᠷᠡᠭᠦᠯᠵᠦ᠂ ᠣᠯᠠᠨ ᠲᠦᠮᠡᠨ ᠳᠤ ᠨᠠᠩ ᠲᠥᠬᠦᠮ᠂ ᠣᠯᠠᠨ ᠶᠠᠩᠵᠤ ᠶᠢᠨ | ᠯᠠᠪᠯᠠᠭ᠎ᠠ ᠦᠢᠯᠡᠴᠢᠯᠡᠭᠡ ᠬᠠᠩᠭᠠᠨ᠎ᠠ ᠭᠡᠵᠡᠶ᠃ |