ᠪᠠᠭᠠᠷᠢᠨ ᠵᠢᠷᠤᠭ᠎ᠠ ᠮᠣᠷᠢ ᠰᠤᠷᠭᠠᠬᠤ ᠶᠣᠰᠣ ᠵᠠᠩᠰᠢᠯ ᠤᠨ ᠤᠯᠠᠮᠵᠢᠯᠠᠬᠴᠢ — ᠰᠡᠴᠡᠨᠪᠢᠯᠢᠭ
ᠨᠡᠶᠢᠲᠡᠯᠡᠭᠰᠡᠨ ᠴᠠᠭ᠄
2024/7/5
       ᠰᠡᠴᠡᠨᠪᠢᠯᠢᠭ᠂ 1960 ᠣᠨ ᠳᠤ ᠵᠢᠷᠭᠠᠯ ᠤᠨ ᠵᠠᠮ ᠰᠤᠮᠤᠨ ᠤ ᠴᠠᠭᠠᠬᠤᠰᠤ ᠭᠠᠴᠠᠭ᠎ᠠ ᠳᠤ ᠲᠦᠷᠦᠪᠡ᠂ ᠪᠠᠭᠠᠷᠢᠨ ᠵᠢᠷᠤᠭ᠎ᠠ ᠮᠤᠷᠢᠨ ᠰᠤᠷᠭᠠᠬᠤ ᠵᠠᠩ ᠵᠠᠩᠰᠢᠯ ᠤᠨ ᠥᠪᠡᠷᠲᠡᠭᠡᠨ ᠵᠠᠰᠠᠬᠤ ᠣᠷᠣᠨ ᠤ ᠳᠡᠰ ᠤᠨ ᠲᠥᠯᠥᠭᠡᠯᠡᠬᠦ ᠴᠢᠨᠠᠷᠲᠠᠢ ᠤᠯᠠᠮᠵᠢᠯᠠᠭᠴᠢ᠃      ᠮᠣᠩᠭᠤᠯ ᠮᠣᠷᠢ ᠪᠣᠯ ᠭᠤᠤᠯ ᠤᠭ ᠭᠠᠷᠤᠯᠲᠠ ᠶᠢᠨ ᠭᠠᠵᠠᠷ ᠢᠶᠠᠷ ᠨᠢ ᠨᠡᠷᠡᠯᠡᠭᠰᠡᠨ ᠳᠡᠯᠡᠬᠡᠶ ᠶᠢᠨ ᠡᠷᠲᠡᠨ ᠤ ᠮᠣᠷᠢᠨ ᠤ ᠡᠭᠦᠯᠳᠡᠷ ᠤᠨ ᠨᠢᠭᠡ᠃ ᠣᠨᠴᠠᠭᠠᠢ ᠳᠦᠷᠰᠦ ᠶᠢᠨ ᠭᠧᠨ᠂ ᠬᠠᠲᠠᠭᠤ ᠪᠡᠷᠬᠡ ᠣᠷᠣᠰᠢᠨ ᠲᠣᠭᠲᠠᠨᠢᠬᠤ ᠣᠷᠴᠢᠨ ᠲᠣᠭᠤᠷᠢᠨ ᠪᠠ ᠤᠷᠳᠤ ᠬᠤᠭᠤᠴᠠᠭᠠᠨ ᠤ ᠤᠳᠤᠮᠯᠠᠯ ᠤᠨ ᠬᠤᠪᠢᠰᠤᠯ ᠠᠴᠠ ᠪᠤᠯᠵᠤ᠂ ᠮᠣᠩᠭᠤᠯ ᠮᠤᠷᠢᠨ ᠤ ᠬᠦᠢᠳᠡᠨ ᠳᠤ ᠲᠡᠰᠪᠦᠷᠢᠲᠡᠢ᠂ ᠭᠠᠩ ᠬᠠᠭᠰᠠᠷᠭᠠᠨ ᠳᠤ ᠲᠡᠰᠪᠦᠷᠢᠲᠡᠢ᠂ ᠲᠡᠰᠪᠦᠷᠢ ᠳᠠᠭᠠᠭᠠᠴᠠ ᠲᠠᠢ ᠪᠠᠶᠢᠳᠠᠭ ᠥᠪᠡᠷᠮᠢᠴᠡ ᠣᠨᠴᠠᠯᠢᠭ ᠢ ᠪᠦᠷᠢᠯᠳᠦᠭᠦᠯᠦᠭᠰᠡᠨ ᠪᠠᠶᠢᠨ᠎ᠠ᠃ ᠮᠣᠩᠭᠤᠯ ᠮᠤᠷᠢᠨ ᠤ ᠪᠡᠶ᠎ᠡ ᠪᠢᠯᠳᠠᠷ ᠪᠠᠭ᠎ᠠ᠂ ᠲᠦᠷᠡᠢ ᠲᠦᠷᠬᠦ ᠨᠢ ᠡᠩ ᠤᠨ ᠪᠣᠯᠪᠠᠴᠤ᠂ ᠰᠠᠯᠬᠢ ᠰᠢᠭᠤᠷᠭᠠᠨ ᠴᠠᠰᠤ ᠪᠣᠷᠣᠭᠠᠨ ᠲᠠᠢ ᠲᠠᠯ᠎ᠠ ᠨᠤᠲᠤᠭ ᠲᠤ᠂ ᠬᠦᠴᠢᠷ ᠪᠡᠷᠬᠡᠰᠢᠶᠡᠯ ᠠᠴᠠ ᠠᠶᠤᠬᠤ ᠥᠭᠡᠢ᠂ ᠲᠤᠪᠳᠤᠯᠤᠨ ᠳᠠᠪᠬᠢᠵᠤ᠂ ᠭᠠᠶᠢᠬᠠᠮᠰᠢᠭᠲᠤ ᠭᠠᠪᠢᠶ᠎ᠠ ᠶᠢ ᠣᠯᠠᠨᠲᠠ ᠪᠠᠶᠢᠭᠤᠯᠤᠭᠰᠠᠨ ᠨᠢ ᠮᠣᠩᠭᠤᠯ ᠮᠤᠷᠢᠨ ᠤ ᠥᠪᠡᠷᠮᠢᠴᠡ ᠵᠠᠩ ᠴᠢᠨᠠᠷ ᠪᠠ ᠵᠣᠷᠢᠭ ᠰᠠᠨᠠᠭ᠎ᠠ ᠶᠢ ᠪᠤᠢ ᠪᠣᠯᠭᠠᠭᠰᠠᠨ ᠶᠤᠮ᠃ ᠪᠠᠭᠠᠷᠢᠨ ᠳᠤ ᠵᠢᠷᠤᠭ᠎ᠠ ᠮᠣᠷᠢ ᠶᠢ ᠰᠤᠷᠭᠠᠬᠤ ᠵᠠᠩᠰᠢᠯ ᠳᠤ ᠶᠠᠭ ᠮᠣᠩᠭᠤᠯ ᠮᠣᠷᠢ ᠶᠢ ᠰᠤᠷᠭᠠᠳᠠᠭ ᠪᠠᠶᠢᠵᠠᠶ᠃       ᠰᠡᠴᠡᠨᠪᠢᠯᠢᠭ ᠤᠨ ᠬᠢᠨ ᠪᠣᠯ ᠦᠶ᠎ᠡ ᠤᠯᠠᠷᠢᠨ ᠠᠳᠤᠭᠤ ᠲᠡᠵᠢᠭᠡᠳᠡᠭ ᠡᠷᠦᠬᠡ᠃ ᠲᠡᠷᠡ 15 ᠨᠠᠰᠤᠨ ᠠᠴᠠ ᠪᠠᠨ ᠡᠬᠢᠯᠡᠨ ᠡᠴᠢᠭᠡ ᠶᠢᠨ ᠢᠶᠠᠨ ᠵᠢᠷᠤᠭ᠎ᠠ ᠮᠣᠷᠢ ᠶᠢ ᠰᠤᠷᠭᠠᠬᠤ᠂ ᠵᠢᠷᠤᠭ᠎ᠠ ᠮᠣᠷᠢ ᠲᠡᠵᠢᠭᠡᠬᠦ᠂ ᠵᠢᠷᠤᠭ᠎ᠠ ᠮᠣᠷᠢ ᠪᠣᠯᠪᠠᠰᠤᠷᠠᠭᠤᠯᠬᠤ ᠵᠡᠷᠭᠡ ᠦᠨᠳᠦᠰᠦᠨ ᠮᠡᠷᠭᠡᠵᠢᠯ ᠢ ᠰᠤᠷᠴᠤ᠂ ᠬᠤᠵᠢᠮ ᠨᠢ ᠮᠠᠨ ᠤ ᠬᠤᠰᠢᠭᠤᠨ ᠤ ᠠᠯᠳᠠᠷᠲᠤ ᠡᠮᠨᠢᠭ ᠰᠤᠷᠭᠠᠭᠴᠢ ᠨᠤᠷᠪᠤ᠂ ᠬᠠᠮᠠ᠂ ᠨᠤᠷᠪᠤᠷᠢᠨᠴᠢᠨ ᠨᠠᠷ ᠲᠠᠢ ᠰᠠᠨᠠᠯ ᠢᠶᠠᠨ ᠭᠦᠨᠵᠡᠭᠡᠢ ᠰᠣᠯᠢᠯᠴᠠᠵᠤ᠂ ᠰᠠᠶᠢᠨ ᠲᠤᠷᠰᠢᠯᠭ᠎ᠠ᠂ ᠰᠠᠶᠢᠨ ᠠᠷᠭ᠎ᠠ ᠶᠢ ᠰᠢᠩᠭᠡᠭᠡᠨ ᠠᠪᠴᠤ᠂ ᠥᠪᠡᠷ ᠤᠨ ᠳᠠᠰᠬᠠᠨ ᠲᠡᠵᠢᠭᠡᠬᠦ ᠮᠡᠷᠭᠡᠵᠢᠯ ᠢᠶᠠᠨ ᠤᠯᠠᠮ ᠨᠢᠭᠡ ᠠᠯᠬᠤᠮ ᠳᠡᠭᠡᠭᠰᠢᠯᠡᠭᠦᠯᠪᠡ᠃        2005 ᠣᠨ ᠳᠤ᠂ ᠰᠢᠯᠢ ᠶᠢᠨ ᠭᠤᠣᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠳᠤ ᠭᠢᠨᠢᠰ ᠤᠨ ᠲᠡᠮᠳᠡᠭᠯᠡᠯ ᠢ ᠳᠠᠪᠠᠭᠰᠠᠨ 800 ᠵᠢᠷᠤᠭ᠎ᠠ ᠮᠤᠷᠢᠨ ᠤ ᠤᠷᠤᠯᠳᠤᠭᠠᠨ ᠪᠤᠯᠵᠤ᠂ ᠰᠡᠴᠡᠨᠪᠢᠯᠢᠭ ᠲᠡᠷᠢᠭᠦᠯᠡᠪᠡ︔ 2009 ᠣᠨ ᠤ 5 ᠰᠠᠷ᠎ᠠ ᠶᠢᠨ 20᠎ ᠤ ᠡᠳᠦᠷ᠂ ᠪᠠᠭᠠᠷᠢᠨ ᠪᠠᠷᠠᠭᠤᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠠᠴᠠ ᠰᠡᠴᠡᠨᠪᠢᠯᠢᠭ ᠲᠤ ︽ᠪᠠᠭᠠᠷᠢᠨ ᠮᠣᠷᠢᠨ ᠸᠠᠩ︾ ᠴᠣᠯᠠ ᠣᠯᠭᠤᠪᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ