| | | | ᠣᠳᠣᠬᠠᠨ ᠳᠤ᠂ ᠲᠠᠷᠢᠮᠠᠯ ᠤᠨ ᠵᠦᠢᠯ ᠵᠠᠯᠭᠠᠭ᠎ᠠ ᠪᠠᠷ ᠪᠣᠯᠪᠠᠰᠤᠷᠠᠵᠤ ᠬᠤᠷᠢᠶᠠᠬᠤ ᠬᠤᠭᠤᠴᠠᠭᠠᠨ ᠳᠠᠭᠠᠨ ᠣᠷᠣᠵᠤ᠂ ᠤᠷᠭᠤᠴᠠ ᠨᠢ ᠶᠡᠷᠦᠩᠬᠡᠢ ᠳᠡᠭᠡᠨ | ᠬᠡᠪ ᠤᠨ ᠪᠠᠶᠢᠳᠠᠯ ᠲᠠᠢ ᠪᠠᠶᠢᠨ᠎ᠠ᠃ ᠭᠡᠪᠡᠴᠦ ᠦᠷᠭᠦᠯᠵᠢᠯᠡᠭᠰᠡᠨ ᠪᠦᠷᠬᠦᠭ ᠪᠣᠷᠣᠭᠠᠨ ᠲᠠᠢ ᠴᠠᠭ ᠠᠭᠤᠷ ᠲᠤ ᠲᠣᠬᠢᠶᠠᠯᠳᠤᠵᠤ᠂ ᠨᠡᠷᠡᠨ ᠤ ᠲᠤᠰᠤᠯᠲᠠ ᠳᠤᠲᠠᠮᠠᠭ᠂ | ᠠᠭᠠᠷ ᠤᠨ ᠴᠢᠭᠢᠭᠲᠦᠴᠡ ᠶᠡᠭᠡ ᠵᠡᠷᠭᠡ ᠴᠠᠭ ᠠᠭᠤᠷ ᠤᠨ ᠨᠥᠬᠦᠴᠡᠯ ᠠᠴᠠ ᠪᠣᠯᠵᠤ ᠲᠠᠷᠢᠮᠠᠯ ᠤᠨ ᠭᠡᠷᠡᠯ ᠤᠨ ᠨᠡᠶᠢᠯᠡᠯᠭᠡ ᠶᠢᠨ ᠦᠢᠯᠡᠳᠦᠯ ᠪᠠᠭᠤᠷᠠᠵᠤ᠂ ᠰᠢᠮ᠎ᠡ | ᠲᠡᠵᠢᠭᠡᠯ ᠤᠨ ᠬᠤᠷᠠᠮᠳᠤᠯᠭ᠎ᠠ ᠶᠢᠨ ᠠᠰᠢᠭᠯᠠᠮᠵᠢ ᠳᠣᠷᠣᠭᠰᠢᠯᠠᠵᠤ᠂ ᠵᠢᠩᠬᠢᠨᠢ ᠮᠦᠬᠦ ᠶᠢᠨ ᠴᠢᠨᠠᠷᠲᠠᠢ ᠡᠪᠡᠳᠴᠢᠨ ᠤ ᠬᠥᠨᠥᠭᠡᠯ᠂ ᠪᠠᠺᠲ᠋ᠧᠷᠢ ᠶᠢᠨ ᠴᠢᠨᠠᠷᠲᠠᠢ | ᠡᠪᠡᠳᠴᠢᠨ ᠤ ᠬᠥᠨᠥᠭᠡᠯ ᠤᠨ ᠡᠪᠡᠳᠴᠢᠯᠡᠬᠦ ᠨᠥᠬᠦᠴᠡᠯ ᠲᠣᠬᠢᠷᠠᠵᠤ᠂ ᠡᠷᠳᠡᠨᠢ ᠰᠢᠰᠢ᠂ ᠨᠠᠷᠢᠮᠤ᠂ ᠨᠣᠬᠠᠢ ᠶᠢᠨ ᠬᠤᠰᠢᠭᠤ ᠵᠡᠷᠭᠡ ᠦᠶᠡᠲᠦ ᠤᠷᠭᠤᠮᠠᠯ ᠤᠨ | ᠢᠵᠠᠭᠤᠷ ᠤᠨ ᠲᠠᠷᠢᠮᠠᠯ ᠢ ᠠᠮᠠᠷᠬᠠᠨ ᠬᠤᠭᠤᠯᠵᠤ᠂ ᠦᠷ᠎ᠡ ᠨᠢ ᠸᠠᠯᠠᠵᠤ ᠬᠤᠪᠢᠷᠠᠳᠠᠭ︔ ᠲᠥᠮᠥᠰᠥᠨ ᠤ ᠬᠠᠭᠤᠷᠠᠢ ᠪᠣᠳᠠᠰ ᠤᠨ ᠬᠤᠷᠠᠮᠳᠤᠯ ᠨᠢ ᠤᠳᠠᠭᠠᠨ᠂ ᠡᠷᠲᠡ | ᠳᠣᠷᠦ᠋ᠢᠲᠠᠵᠤ᠂ ᠲᠥᠮᠥᠰᠥ ᠢᠯᠵᠠᠷᠠᠳᠠᠭ︔ ᠨᠡᠷᠡᠨ ᠬᠤᠸᠠᠷ ᠤᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ᠂ ᠵᠢᠪᠡᠷᠡᠬᠦ ᠡᠪᠡᠳᠴᠢᠨ ᠬᠦᠨᠳᠦᠷᠡᠳᠡᠭ︔ ᠨᠠᠮᠤᠷ ᠤᠨ | ᠴᠠᠭᠠᠨ ᠨᠣᠭᠤᠭ᠎ᠠ ᠶᠢᠨ ᠢᠯᠵᠢᠷᠡᠬᠦ ᠡᠪᠡᠳᠴᠢᠨ᠂ ᠯᠤᠤᠪᠠᠩ ᠤᠨ ᠦᠨᠳᠦᠰᠦ ᠶᠢᠨ ᠢᠯᠵᠢᠷᠡᠬᠦ ᠡᠪᠡᠳᠴᠢᠨ᠂ ᠲᠥᠬᠦᠭᠡᠷᠦᠮᠵᠢᠲᠦ ᠢᠳᠡᠰᠢᠨ ᠨᠣᠭᠤᠭ᠎ᠠ ᠶᠢᠨ ᠴᠠᠭᠠᠨ | ᠬᠥᠭᠡᠴᠦ ᠶᠢᠨ ᠡᠪᠡᠳᠴᠢᠨ᠂ ᠦᠨᠡᠰᠦᠨ ᠬᠥᠭᠡᠴᠦ ᠶᠢᠨ ᠡᠪᠡᠳᠴᠢᠨ ᠵᠡᠷᠭᠡ ᠡᠪᠡᠳᠴᠢᠨ ᠤ ᠬᠤᠣᠷ ᠬᠥᠨᠥᠭᠡᠯ ᠬᠠᠯᠳᠠᠪᠤᠷᠢᠯᠠᠬᠤ ᠪᠠ ᠦᠷᠡᠵᠢᠳᠡᠭ᠃ ᠳᠡᠭᠡᠷᠡᠬᠢ | ᠪᠠᠶᠢᠳᠠᠯ ᠳᠤ ᠴᠢᠭᠯᠡᠭᠦᠯᠦᠨ᠂ ᠡᠯ᠎ᠡ ᠭᠠᠵᠠᠷ ᠤᠨ ᠬᠢᠨ ︽ᠤᠷᠢᠳᠴᠢᠯᠠᠨ ᠰᠡᠷᠭᠡᠶᠢᠯᠡᠬᠦ ᠪᠠᠷ ᠭᠤᠣᠯ ᠪᠣᠯᠭᠠᠵᠤ᠂ ᠶᠡᠷᠦᠩᠬᠡᠶᠢᠯᠡᠨ ᠰᠡᠷᠭᠡᠶᠢᠯᠡᠨ ᠵᠠᠰᠠᠬᠤ︾ ᠤᠷᠭᠤᠮᠠᠯ ᠤᠨ | ᠬᠠᠮᠠᠭᠠᠯᠠᠯᠲᠠ ᠶᠢᠨ ᠴᠢᠭᠯᠡᠯᠲᠡ ᠶᠢᠨ ᠶᠣᠰᠣᠭᠠᠷ᠂ ᠦᠢᠯᠡᠳᠪᠦᠷᠢᠯᠡᠯ ᠤᠨ ᠰᠡᠷᠭᠡᠶᠢᠯᠡᠯᠲᠡ ᠶᠢ ᠢᠳᠡᠪᠬᠢᠲᠡᠢ ᠥᠷᠨᠢᠭᠦᠯᠵᠦ᠂ ᠪᠦᠷᠬᠦᠭ ᠪᠣᠷᠣᠭᠠᠨ ᠤ ᠳᠠᠷᠠᠭᠠᠬᠢ | ᠲᠠᠷᠢᠮᠠᠯ ᠤᠨ ᠡᠪᠡᠳᠴᠢᠨ ᠬᠤᠷᠣᠬᠠᠢ ᠶᠢᠨ ᠬᠥᠨᠥᠭᠡᠯ ᠢ ᠬᠢᠨᠠᠨ ᠬᠡᠮᠵᠢᠬᠦ ᠪᠠ ᠰᠡᠷᠭᠡᠶᠢᠯᠡᠨ ᠵᠠᠰᠠᠬᠤ ᠠᠵᠢᠯ ᠢ ᠦᠨᠡᠨ ᠬᠦ ᠰᠠᠶᠢᠲᠤᠷ ᠬᠢᠬᠦ ᠬᠡᠷᠡᠭᠲᠡᠢ᠃ ᠪᠣᠳᠠᠲᠠᠢ | ᠰᠡᠷᠭᠡᠶᠢᠯᠡᠯᠲᠡ ᠶᠢᠨ ᠠᠷᠭ᠎ᠠ ᠬᠡᠮᠵᠢᠶ᠎ᠡ᠄ ᠨᠢᠭᠡ ᠳᠤ ᠪᠦᠷᠬᠦᠭ ᠪᠣᠷᠣᠭᠠᠨ ᠴᠥᠭᠡᠨ ᠬᠤᠭᠤᠴᠠᠭᠠᠨ ᠳᠤ ᠴᠢᠳᠠᠬᠤ ᠶᠢᠨ ᠳᠣᠲᠣᠷ᠎ᠠ ᠲᠠᠷᠢᠮᠠᠯ ᠤᠨ ᠰᠠᠯᠠᠭ᠎ᠠ ᠨᠠᠮᠠᠭ᠎ᠠ ᠶᠢ ᠨᠢ | ᠬᠠᠶᠢᠴᠢᠯᠠᠨ ᠵᠠᠰᠠᠬᠤ ᠪᠤᠶᠤ ᠪᠤᠰᠤᠳ ᠭᠡᠮᠲᠦᠭᠡᠵᠦ ᠮᠡᠳᠡᠬᠦ ᠲᠠᠷᠢᠶᠠᠯᠠᠩ ᠤᠨ ᠠᠵᠢᠯ ᠢ ᠬᠢᠬᠦ ᠠᠴᠠ ᠵᠠᠶᠢᠯᠠᠰᠬᠢᠬᠦ ᠬᠡᠷᠡᠭᠲᠡᠢ᠃ ᠲᠡᠭᠷᠢ ᠴᠡᠯᠮᠡᠭᠰᠢᠭᠰᠡᠨ ᠤ ᠳᠠᠷᠠᠭ᠎ᠠ᠂ | ᠲᠠᠷᠢᠶᠠᠨ ᠭᠠᠵᠠᠷ ᠢ ᠴᠠᠭ ᠲᠤᠬᠠᠢ ᠳᠤᠨᠢ ᠴᠡᠪᠡᠷᠯᠡᠵᠦ᠂ ᠢᠯᠵᠢᠷᠡᠭᠰᠡᠨ ᠨᠠᠪᠴᠢ᠂ ᠰᠢᠷ᠎ᠠ ᠨᠠᠪᠴᠢ ᠶᠢ ᠴᠡᠪᠡᠷᠯᠡᠨ ᠠᠷᠢᠯᠭᠠᠵᠤ᠂ ᠡᠪᠡᠳᠴᠢᠨ ᠬᠤᠷᠣᠬᠠᠢ ᠶᠢᠨ | ᠢᠷᠡᠯᠲᠡ ᠶᠢᠨ ᠰᠠᠭᠤᠷᠢ ᠲᠤᠭ᠎ᠠ ᠶᠢ ᠪᠠᠭᠠᠰᠬᠠᠬᠤ ᠶᠢᠨ ᠬᠠᠮᠲᠤ ᠭᠤᠣᠯ ᠪᠣᠯᠬᠤ ᠡᠪᠡᠳᠴᠢᠨ ᠤ ᠰᠠᠭᠤᠷᠢ ᠶᠢ ᠣᠯᠵᠤ ᠮᠡᠳᠡᠪᠡᠯ ᠳᠠᠷᠤᠢ ᠲᠦᠷᠭᠡᠨ ᠡᠮ ᠢᠶᠠᠷ ᠰᠡᠷᠭᠡᠶᠢᠯᠡᠨ | ᠵᠠᠰᠠᠬᠤ ᠠᠷᠭ᠎ᠠ ᠬᠡᠮᠵᠢᠶ᠎ᠡ ᠠᠪᠬᠤ ᠬᠡᠷᠡᠭᠲᠡᠢ᠃ ᠬᠤᠶᠠᠷ ᠲᠤ ᠴᠠᠭ ᠲᠤᠬᠠᠢ ᠳᠤᠨᠢ ᠪᠣᠷᠳᠣᠭᠤᠷ ᠣᠷᠣᠭᠤᠯᠵᠤ᠂ ᠤᠷᠭᠤᠮᠠᠯ ᠤᠨ ᠡᠪᠡᠳᠴᠢᠨ ᠢ ᠡᠰᠡᠷᠭᠦᠴᠡᠬᠦ | ᠴᠢᠳᠠᠪᠤᠷᠢ ᠶᠢ ᠳᠡᠭᠡᠭᠰᠢᠯᠡᠬᠦᠯᠬᠦ ᠬᠡᠷᠡᠭᠲᠡᠢ᠃ ᠪᠦᠷᠬᠦᠭ ᠪᠣᠷᠣᠭᠠᠨ ᠥᠩᠭᠡᠷᠡᠭᠰᠡᠨ ᠤ ᠳᠠᠷᠠᠭ᠎ᠠ ᠬᠥᠷᠥᠰᠥᠨ ᠤ ᠬᠦᠴᠦ ᠰᠢᠮ᠎ᠡ ᠠᠯᠳᠠᠭᠳᠠᠪᠠᠯ᠂ ᠪᠣᠷᠳᠣᠭᠤᠷ ᠤᠰᠤᠨ ᠤ | ᠬᠠᠮᠢᠶᠠᠷᠤᠯᠲᠠ ᠶᠢ ᠴᠢᠩᠭᠠᠳᠬᠠᠵᠤ᠂ ᠨᠠᠪᠴᠢᠨ ᠤ ᠭᠠᠳᠠᠷᠭᠤ ᠶᠢᠨ ᠪᠣᠷᠳᠣᠭᠤᠷ ᠢ ᠵᠣᠬᠢᠰᠲᠠᠢ ᠰᠦᠷᠴᠢᠨ ᠣᠷᠣᠭᠤᠯᠵᠤ᠂ ᠹᠣᠰᠹᠣᠷ ᠺᠠᠯᠢ ᠶᠢᠨ ᠪᠣᠷᠳᠣᠭᠤᠷ ᠵᠢᠴᠢ | ᠪᠢᠴᠢᠯ ᠡᠯᠧᠮᠧᠨ᠋ᠲ ᠢ ᠨᠡᠮᠡᠨ ᠣᠷᠣᠭᠤᠯᠵᠤ᠂ ᠤᠷᠭᠤᠮᠠᠯ ᠤᠨ ᠡᠰᠡᠷᠭᠦᠴᠡᠬᠦ ᠴᠢᠨᠠᠷ ᠢ ᠨᠡᠮᠡᠭᠳᠡᠭᠦᠯᠦᠨ᠂ ᠡᠪᠡᠳᠴᠢᠨ ᠡᠭᠦᠰᠬᠡᠭᠴᠢ ᠪᠠᠺᠲ᠋ᠧᠷᠢ ᠶᠢᠨ ᠬᠠᠯᠳᠠᠪᠤᠷᠢᠯᠠᠬᠤ | ᠲᠣᠬᠢᠶᠠᠯ ᠢ ᠪᠠᠭᠠᠰᠬᠠᠬᠤ ᠬᠡᠷᠡᠭᠲᠡᠢ᠃ ᠭᠤᠷᠪᠠ ᠳᠤ ᠬᠦᠯᠡᠮᠵᠢ ᠶᠢᠨ ᠭᠡᠷᠡᠯ ᠤᠨ ᠲᠤᠰᠤᠯᠲᠠ ᠶᠢ ᠵᠣᠬᠢᠰᠲᠠᠢ ᠨᠡᠮᠡᠭᠳᠡᠭᠦᠯᠵᠦ᠂ ᠤᠷᠭᠤᠮᠠᠯ ᠤᠨ ᠥᠰᠦᠯᠲᠡ ᠶᠢᠨ | ᠳ᠋ᠧᠩ ᠢᠶᠠᠷ ᠭᠡᠷᠡᠯ ᠢ ᠨᠥᠬᠦᠪᠦᠷᠢᠯᠡᠵᠦ᠂ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠨᠡᠮᠡᠭᠳᠡᠭᠦᠯᠵᠦ᠂ ᠢᠳᠡᠰᠢᠨ ᠨᠣᠭᠤᠭ᠎ᠠ ᠶᠢᠨ ᠬᠦᠯᠡᠮᠵᠢ ᠶᠢᠨ ᠤᠷᠭᠤᠮᠠᠯ ᠤᠨ | ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠬᠦᠯᠬᠦ ᠬᠡᠷᠡᠭᠲᠡᠢ᠃ ᠳᠥᠷᠪᠡ ᠳᠤ ᠴᠠᠭ ᠲᠤᠬᠠᠢ ᠳᠤᠨᠢ ᠪᠠᠶᠢᠴᠠᠭᠠᠨ ᠦᠵᠡᠵᠦ᠂ ᠡᠪᠡᠳᠴᠢᠨ ᠳᠤᠨᠢ ᠲᠠᠭᠠᠷᠠᠭᠤᠯᠵᠤ | ᠡᠮ ᠬᠡᠷᠡᠭᠯᠡᠬᠦ ᠬᠡᠷᠡᠭᠲᠡᠢ᠃ ᠰᠡᠷᠭᠡᠶᠢᠯᠡᠨ ᠵᠠᠰᠠᠬᠤ ᠭᠦᠢᠴᠡᠳᠬᠡᠯ ᠲᠤᠭ᠎ᠠ ᠳᠤ ᠬᠦᠷᠦᠭᠰᠡᠨ ᠲᠠᠷᠢᠶᠠᠨ ᠭᠠᠵᠠᠷ ᠲᠤ ᠪᠣᠷᠣᠭᠠᠨ ᠤ ᠳᠠᠷᠠᠭᠠᠬᠢ ᠲᠤᠩᠭᠠᠯᠠᠭ ᠰᠠᠶᠢᠬᠠᠨ ᠴᠠᠭ | ᠠᠭᠤᠷ ᠢ ᠠᠮᠵᠢᠨ ᠪᠠᠴᠢᠮ ᠪᠠᠶᠢᠳᠠᠯ ᠢ ᠠᠷᠭᠠᠴᠠᠭᠠᠨ ᠰᠡᠷᠭᠡᠶᠢᠯᠡᠨ ᠵᠠᠰᠠᠬᠤ ᠠᠵᠢᠯ ᠢ ᠴᠠᠭ ᠲᠤᠬᠠᠢ ᠳᠤᠨᠢ ᠥᠷᠨᠢᠭᠦᠯᠬᠦ ᠬᠡᠷᠡᠭᠲᠡᠢ᠃ ᠲᠣᠮᠣ ᠲᠣᠯᠪᠣᠲᠤ ᠡᠪᠡᠳᠴᠢᠨ᠂ | ᠵᠢᠵᠢᠭ ᠲᠣᠯᠪᠣᠲᠤ ᠡᠪᠡᠳᠴᠢᠨ᠂ ᠴᠠᠭᠠᠨ ᠬᠥᠭᠡᠴᠦ ᠶᠢᠨ ᠡᠪᠡᠳᠴᠢᠨ᠂ ᠬᠢᠵᠢᠭ ᠡᠪᠡᠳᠴᠢᠨ᠂ ᠪᠣᠭᠤᠮ᠎ᠠ ᠡᠪᠡᠳᠴᠢᠨ ᠵᠡᠷᠭᠡ ᠵᠢᠩᠭᠢᠨᠢ ᠮᠥᠭᠦᠨᠴᠢᠷ ᠴᠢᠨᠠᠷᠲᠠᠢ | ᠡᠪᠡᠳᠴᠢᠨ ᠤ ᠬᠥᠨᠥᠭᠡᠯ ᠳᠤ ᠴᠢᠭᠯᠡᠭᠦᠯᠦᠨ᠂ ᠫᠢᠷᠠᠽᠤᠯ ᠡᠲ᠋ᠧᠷ ᠤᠨ ᠪᠠᠺᠲ᠋ᠧᠷᠢ ᠶᠢᠨ ᠡᠰᠲ᠋ᠧᠷ᠂ ᠤᠯᠠᠭᠠᠨ ᠴᠠᠭᠠᠷᠢᠭ ᠫᠢᠷᠢᠮᠢᠳᠢᠨ ᠪᠠᠺᠲ᠋ᠧᠷᠢ ᠶᠢᠨ ᠡᠰᠲ᠋ᠧᠷ᠂ | ᠫᠧᠨ᠋ᠲ᠋ᠠᠽᠤᠯ ᠠᠯᠺᠣᠣᠯ᠂ ᠹᠧᠨᠢᠯ ᠡᠲ᠋ᠧᠷ ᠤᠨ ᠮᠧᠲ᠋ᠢᠯ ᠴᠠᠭᠠᠷᠢᠭ ᠠᠽᠤᠯ ᠵᠡᠷᠭᠡ ᠡᠮ ᠢ ᠰᠣᠩᠭᠤᠨ ᠬᠡᠷᠡᠭᠯᠡᠵᠦ ᠰᠡᠷᠭᠡᠶᠢᠯᠡᠨ ᠵᠠᠰᠠᠵᠤ ᠪᠣᠯᠣᠨ᠎ᠠ︔ ᠵᠦᠭᠡᠯᠡᠨ ᠢᠯᠵᠢᠷᠡᠬᠦ | ᠡᠪᠡᠳᠴᠢᠨ᠂ ᠪᠠᠺᠲ᠋ᠧᠷᠢ ᠶᠢᠨ ᠴᠢᠨᠠᠷᠲᠠᠢ ᠡᠪᠡᠷᠯᠢᠭ ᠲᠣᠯᠪᠣᠲᠤ ᠡᠪᠡᠳᠴᠢᠨ ᠵᠡᠷᠭᠡ ᠪᠠᠺᠲ᠋ᠧᠷᠢ ᠶᠢᠨ ᠴᠢᠨᠠᠷᠲᠠᠢ ᠡᠪᠡᠳᠴᠢᠨ ᠤ ᠬᠥᠨᠥᠭᠡᠯ ᠳᠤ ᠴᠢᠭᠯᠡᠭᠦᠯᠦᠨ᠂ ᠫᠢᠷᠢᠮᠢᠳᠢᠨ | ᠪᠥᠭᠡᠮ ᠤᠨ ᠭᠯᠢᠺᠣᠰᠢᠳ᠋ ᠤᠨ ᠲᠥᠷᠥᠯ ᠤᠨ ᠪᠠᠺᠲ᠋ᠧᠷᠢ ᠡᠰᠡᠷᠭᠦᠴᠡᠬᠦ ᠡᠳ᠋᠂ ᠵᠢᠩ ᠭᠠᠩ ᠮᠧᠶ ᠰᠦ᠂ ᠵᠡᠰ ᠨᠠᠶᠢᠷᠠᠯᠠᠭ᠎ᠠ ᠵᠡᠷᠭᠡ ᠡᠮ ᠢ ᠰᠣᠩᠭᠤᠵᠤ ᠰᠡᠷᠭᠡᠶᠢᠯᠡᠨ ᠵᠠᠰᠠᠵᠤ | ᠪᠣᠯᠣᠨ᠎ᠠ︔ ᠨᠡᠭᠦᠳᠡᠯ ᠤᠨ ᠴᠢᠨᠠᠷᠲᠠᠢ ᠬᠤᠣᠷᠲᠤ ᠬᠤᠷᠣᠬᠠᠢ ᠳᠤ ᠴᠢᠭᠯᠡᠭᠦᠯᠦᠨ᠂ ᠾᠯᠣᠷᠲᠤ ᠬᠤᠷᠣᠬᠠᠢ ᠶᠢᠨ ᠪᠧᠨ᠋ᠽᠢᠯ ᠠᠮᠢᠳ᠋᠂ ᠮᠧᠲ᠋ᠢᠯ ᠸᠢᠲ᠋ᠠᠮᠢᠨ ᠳᠠᠪᠤᠰᠤ ᠵᠡᠷᠭᠡ | ᠡᠮ ᠢ ᠰᠣᠩᠭᠤᠨ ᠬᠡᠷᠡᠭᠯᠡᠵᠦ ᠰᠡᠷᠭᠡᠶᠢᠯᠡᠨ ᠵᠠᠰᠠᠵᠤ ᠪᠣᠯᠣᠨ᠎ᠠ᠃ ᠡᠮ ᠬᠡᠷᠡᠭᠯᠡᠬᠦ ᠳᠡᠭᠡᠨ ᠡᠭᠡᠯᠵᠢᠯᠡᠨ ᠡᠮ ᠬᠡᠷᠡᠭᠯᠡᠬᠦ ᠪᠠ ᠡᠮ ᠬᠡᠷᠡᠭᠯᠡᠬᠦ ᠶᠢᠨ ᠠᠶᠤᠯ ᠦᠭᠡᠢ ᠶᠢᠨ | ᠵᠠᠪᠰᠠᠷᠯᠠᠬᠤ ᠬᠤᠭᠤᠴᠠᠭ᠎ᠠ ᠶᠢ ᠠᠩᠬᠠᠷᠬᠤ ᠬᠡᠷᠡᠭᠲᠡᠢ᠃ |