| | | ᠲᠤᠰᠠᠭᠠᠷᠯᠠᠬᠤ ᠠᠷᠭ᠎ᠠ ᠬᠡᠮᠵᠢᠶ᠎ᠡ ᠠᠪᠴᠤ ᠬᠦᠯᠡᠮᠵᠢ ᠳᠤ ᠣᠷᠣᠵᠤ ᠭᠠᠷᠬᠤ ᠬᠥᠮᠥᠰ ᠢ ᠴᠢᠩᠭ᠎ᠠ ᠬᠢᠵᠠᠭᠠᠷᠯᠠᠵᠤ᠂ ᠬᠦᠯᠡᠮᠵᠢ ᠶᠢᠨ ᠡᠭᠦᠳᠡᠨ ᠡᠮᠦᠨ᠎ᠡ | ᠠᠷᠢᠭᠤᠳᠬᠠᠬᠤ ᠳᠡᠪᠢᠰᠬᠡᠷ ᠲᠠᠯᠪᠢᠵᠤ᠂ ᠬᠦᠯᠡᠮᠵᠢ ᠳᠤ ᠣᠷᠣᠵᠤ ᠠᠵᠢᠯ ᠤᠨ ᠬᠤᠪᠴᠠᠰᠤ ᠪᠠᠨ ᠰᠣᠯᠢᠵᠤ᠂ ᠬᠥᠮᠥᠨ ᠢ ᠳᠠᠭᠠᠵᠤ ᠬᠠᠯᠳᠠᠪᠤᠷᠢᠯᠠᠬᠤ ᠶᠢ ᠬᠤᠷᠢᠭᠯᠠᠬᠤ | ᠬᠡᠷᠡᠭᠲᠡᠢ︔ ᠪᠠᠭᠠᠵᠢ ᠬᠡᠷᠡᠭᠰᠡᠯ ᠢ ᠲᠤᠰᠬᠠᠢ ᠰᠠᠷᠠᠪᠴᠢᠨ ᠳᠤ ᠳᠠᠯᠪᠢᠨ ᠲᠤᠰᠬᠠᠢ ᠬᠡᠷᠡᠭᠯᠡᠵᠦ᠂ ᠰᠣᠯᠪᠢᠴᠠᠨ ᠬᠠᠯᠳᠠᠪᠤᠷᠢᠯᠠᠬᠤ ᠠᠴᠠ ᠵᠠᠶᠢᠯᠠᠰᠬᠢᠬᠦ ᠬᠡᠷᠡᠭᠲᠡᠢ᠃ | ᠲᠥᠷᠥᠯᠬᠢ ᠳᠠᠶᠢᠰᠤᠨ ᠢ ᠠᠰᠢᠭᠯᠠᠨ ᠤᠯᠠᠭᠠᠨ ᠠᠭᠠᠯᠵᠢ ᠶᠢ ᠡᠵᠡᠮᠳᠡᠬᠦ᠃ ᠡᠭᠦᠰᠦᠯᠲᠡ ᠶᠢᠨ ᠡᠬᠢᠨ ᠤ ᠬᠤᠭᠤᠴᠠᠭᠠᠨ ᠳᠤ ᠲᠥᠷᠥᠯᠬᠢ ᠳᠠᠶᠢᠰᠤᠨ ᠢ ᠠᠰᠢᠭᠯᠠᠨ | ᠳᠦᠷᠰᠦ ᠶᠢᠨ ᠰᠦᠷᠦᠭ ᠤᠨ ᠲᠤᠭ᠎ᠠ ᠬᠡᠮᠵᠢᠶ᠎ᠡ ᠶᠢ ᠡᠵᠡᠮᠳᠡᠨ᠂ ᠴᠡᠴᠡᠭᠯᠡᠬᠦ ᠠᠴᠠ ᠵᠢᠮᠢᠰᠯᠡᠬᠦ ᠬᠤᠭᠤᠴᠠᠭᠠᠨ ᠳᠤ ᠪᠠᠷᠢᠵᠤ ᠢᠳᠡᠬᠦ ᠬᠠᠴᠢᠭ ᠲᠠᠯᠪᠢᠨ ᠭᠠᠷᠭᠠᠳᠠᠭ᠃ | ᠪᠠᠷᠢᠵᠤ ᠢᠳᠡᠬᠦ ᠬᠠᠴᠢᠭ ᠲᠠᠯᠪᠢᠬᠤ ᠠᠴᠠ ᠡᠮᠦᠨ᠎ᠡ ᠤᠯᠠᠭᠠᠨ ᠠᠭᠠᠯᠵᠢ ᠶᠢᠨ ᠲᠤᠭ᠎ᠠ ᠶᠢ ᠠᠯᠢ ᠴᠢᠳᠠᠬᠤ ᠪᠠᠷ ᠪᠠᠭᠠᠰᠬᠠᠵᠤ᠂ 1% ᠶᠢᠨ ᠭᠠᠰᠢᠭᠤᠨ ᠬᠤᠵᠢᠷ᠂ | ᠪᠠᠷᠤᠷ᠎ᠠ ᠶᠢᠨ ᠡᠳ᠋ ᠪᠤᠶᠤ 10% ᠶᠢᠨ ᠠᠸᠢᠼᠢᠨ ᠤ ᠤᠰᠤᠨ ᠤ ᠲᠠᠷᠠᠬᠠᠢ ᠮᠥᠬᠦᠯᠢᠭ ᠡᠮ ᠢᠶᠠᠷ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠵᠤ᠂ ᠡᠮ | ᠬᠡᠷᠡᠭᠯᠡᠭᠰᠡᠨ ᠤ ᠳᠠᠷᠠᠭ᠎ᠠ 5~10 ᠡᠳᠦᠷ᠂ ᠠᠰᠢᠭᠲᠤ ᠬᠤᠣᠷᠳᠠᠯ ᠤᠨ ᠬᠠᠷᠢᠴᠠᠯ 1:10 ᠠᠴᠠ 1:30 ᠶᠢᠨ ᠬᠤᠭᠤᠷᠣᠨᠳᠤ ᠪᠠᠷᠢᠵᠤ ᠢᠳᠡᠬᠦ ᠬᠠᠴᠢᠭ ᠢ ᠲᠠᠯᠪᠢᠨ | ᠭᠠᠷᠭᠠᠪᠠᠯ ᠬᠤᠣᠷᠳᠠᠯ ᠤᠨ ᠬᠠᠴᠢᠭ ᠢ ᠨᠡᠯᠢᠶᠡᠳ ᠰᠠᠶᠢᠨ ᠡᠵᠡᠮᠰᠢᠵᠦ ᠴᠢᠳᠠᠨ᠎ᠠ᠃ ᠠᠮᠢᠳᠤ ᠪᠣᠳᠠᠰ ᠤᠨ ᠲᠠᠷᠢᠶᠠᠨ ᠡᠮ ᠢ ᠬᠡᠷᠡᠭᠯᠡᠬᠦ᠃ 99% ᠶᠢᠨ ᠡᠷᠦᠳᠡᠰᠦ ᠶᠢᠨ | ᠲᠣᠰᠣ ᠶᠢ ᠤᠰᠤᠨ ᠳᠤ 150~200 ᠳᠠᠬᠢᠨ ᠢᠶᠠᠷ ᠰᠢᠩᠭᠡᠷᠡᠭᠦᠯᠦᠨ ᠬᠡᠷᠡᠭᠯᠡᠵᠦ᠂ ᠪᠦᠬᠦ ᠲᠠᠷᠢᠶᠠᠨ ᠳᠤ ᠪᠦᠬᠦ ᠲᠠᠯ᠎ᠠ ᠪᠠᠷ ᠮᠠᠨᠠᠨᠳᠤᠭᠤᠯᠤᠨ ᠰᠦᠷᠴᠢᠵᠦ᠂ 3 ~ 5 | ᠡᠳᠦᠷ ᠤᠨ ᠳᠠᠷᠠᠭ᠎ᠠ ᠬᠤᠶᠠᠳᠠᠭᠢ ᠤᠳᠠᠭ᠎ᠠ ᠰᠦᠷᠴᠢᠵᠦ ᠪᠣᠯᠣᠨ᠎ᠠ᠃ ᠡᠰᠡᠬᠦᠯ᠎ᠡ 10% ᠶᠢᠨ ᠠᠸᠧᠢ ᠪᠠᠺᠲ᠋ᠧᠷᠢ ᠶᠢᠨ ᠡᠳ᠋ ᠤᠨ ᠤᠰᠤᠨ ᠤ ᠲᠠᠷᠬᠠᠮᠠᠯ ᠮᠥᠬᠦᠯᠢᠭ ᠤᠨ | ᠨᠠᠶᠢᠷᠠᠯᠭ᠎ᠠ ᠶᠢ 8000 ᠳᠠᠬᠢᠨ ᠠᠴᠠ 10000 ᠳᠠᠬᠢᠨ ᠢᠶᠠᠷ ᠮᠠᠨᠠᠨᠳᠤᠭᠤᠯᠤᠨ ᠰᠦᠷᠴᠢᠵᠦ᠂ 7 ᠡᠳᠦᠷ ᠲᠤ ᠨᠢᠭᠡ ᠤᠳᠠᠭ᠎ᠠ ᠰᠡᠷᠭᠡᠶᠢᠯᠡᠨ ᠵᠠᠰᠠᠵᠤ᠂ ᠬᠤᠶᠠᠷ | ᠵᠦᠢᠯ ᠤᠨ ᠡᠮ ᠢ ᠡᠭᠡᠯᠵᠢᠯᠡᠨ ᠬᠡᠷᠡᠭᠯᠡᠪᠡᠯ ᠦᠷ᠎ᠡ ᠳ᠋ᠦᠩ ᠨᠢ ᠨᠡᠩ ᠰᠠᠶᠢᠨ ᠪᠠᠶᠢᠳᠠᠭ᠃ ᠬᠢᠮᠢ ᠶᠢᠨ ᠲᠠᠷᠢᠶᠠᠯᠠᠩ ᠤᠨ ᠡᠮ ᠢ ᠬᠡᠷᠡᠭᠯᠡᠬᠦ᠃ 8% ᠶᠢᠨ ᠠᠸᠢ᠂ ᠳ᠋ᠢᠨ | ᠰᠦᠨ ᠲᠣᠰᠣ ᠶᠢ 1500 ᠳᠠᠬᠢᠨ ᠢᠶᠠᠷ ᠮᠠᠨᠠᠨᠳᠤᠭᠤᠯᠤᠨ ᠰᠦᠷᠴᠢᠬᠦ ᠪᠤᠶᠤ 5% ᠶᠢᠨ ᠲᠢᠶᠠᠲ᠋ᠢᠨ ᠤ ᠰᠦᠨ ᠲᠣᠰᠣ ᠶᠢ 1500 ᠳᠠᠬᠢᠨ ᠢᠶᠠᠷ ᠮᠠᠨᠠᠨᠳᠤᠭᠤᠯᠤᠨ | ᠰᠦᠷᠴᠢᠵᠦ᠂ 7 ᠡᠳᠦᠷ ᠲᠤ ᠨᠢᠭᠡ ᠤᠳᠠᠭ᠎ᠠ ᠰᠡᠷᠭᠡᠶᠢᠯᠡᠨ ᠵᠠᠰᠠᠵᠤ᠂ ᠬᠤᠶᠠᠷ ᠵᠦᠢᠯ ᠤᠨ ᠡᠮ ᠢ ᠡᠭᠡᠯᠵᠢᠯᠡᠨ ᠬᠡᠷᠡᠭᠯᠡᠪᠡᠯ ᠦᠷ᠎ᠡ ᠳ᠋ᠦᠩ ᠨᠢ ᠨᠡᠩ ᠰᠠᠶᠢᠨ ᠪᠠᠶᠢᠳᠠᠭ᠃ | |