| | | ᠨᠢᠭᠡ᠂ ᠲᠠᠬᠢᠶᠠᠨ ᠡᠭᠦᠷ ᠲᠤ ᠰᠠᠯᠬᠢ ᠨᠡᠪᠲᠡᠷᠡᠭᠦᠯᠬᠦ ᠶᠢ ᠴᠢᠩᠭᠠᠳᠬᠠᠨ᠎ᠠ᠃ ᠲᠠᠬᠢᠶᠠᠨ ᠡᠭᠦᠷ ᠳᠣᠲᠣᠷᠠᠬᠢ ᠰᠢᠨ᠎ᠡ ᠰᠣᠷᠭᠤᠭ ᠠᠭᠤᠷ ᠠᠮᠢᠰᠬᠤᠯ ᠨᠢ | ᠲᠠᠬᠢᠶᠠᠨ ᠤ ᠥᠰᠦᠯᠲᠡ ᠪᠤᠶᠢᠵᠢᠯᠲᠠ ᠳᠤ ᠠᠰᠢᠭᠲᠠᠢ ᠪᠠᠶᠢᠳᠠᠭ᠃ ᠲᠠᠬᠢᠶᠠᠨ ᠤ ᠪᠡᠶ᠎ᠡ ᠶᠢᠨ ᠳᠤᠯᠠᠭᠠᠨ ᠨᠢ ᠥᠨᠳᠥᠷ ᠪᠣᠯᠬᠤᠷ ᠠᠮᠢᠰᠬᠤᠬᠤ ᠬᠡᠢ ᠶᠢᠨ ᠬᠡᠮᠵᠢᠶ᠎ᠡ ᠨᠢ | ᠬᠥᠬᠦᠲᠡᠨ ᠠᠮᠢᠲᠠᠨ ᠤ ᠬᠢ ᠠᠴᠠ 2 ᠳᠠᠬᠢᠨ ᠢᠯᠡᠭᠦᠦ ᠪᠠᠶᠢᠳᠠᠭ ᠲᠤᠯᠠ ᠬᠦᠴᠢᠯᠲᠥ᠋ᠷᠥᠭᠴᠢ ᠠᠷᠪᠢᠨ ᠬᠡᠷᠡᠭᠰᠡᠨ᠎ᠡ᠃ ᠡᠶᠢᠮᠦ ᠠᠴᠠ ᠲᠠᠬᠢᠶᠠᠨ ᠡᠭᠦᠷ ᠤᠨ ᠰᠠᠯᠬᠢ | ᠨᠡᠪᠲᠡᠷᠡᠬᠦ ᠶᠢ ᠴᠢᠩᠭᠠᠳᠬᠠᠪᠠᠯ ᠰᠠᠶ᠋ᠢ ᠭᠦᠢᠴᠡᠳ ᠰᠢᠨ᠎ᠡ ᠰᠣᠷᠭᠤᠭ ᠠᠭᠤᠷ ᠠᠮᠢᠰᠬᠤᠯ ᠲᠠᠢ ᠪᠠᠶᠢᠬᠤ ᠶᠢ ᠪᠠᠲᠤᠯᠠᠵᠤ᠂ ᠲᠠᠬᠢᠶ᠎ᠠ ᠡᠷᠡᠭᠦᠯ ᠴᠢᠭᠢᠷᠠᠭ ᠪᠠᠶᠢᠵᠤ᠂ | ᠡᠪᠡᠳᠴᠢᠯᠡᠬᠦ ᠨᠢ ᠪᠠᠭ᠎ᠠ ᠪᠠᠶᠢᠳᠠᠭ᠃ ᠰᠠᠯᠬᠢ ᠨᠡᠪᠲᠡᠷᠡᠬᠦ ᠨᠢ ᠳᠠᠷᠤᠢ ᠬᠦᠴᠢᠯᠲᠥ᠋ᠷᠥᠭᠴᠢ ᠳᠦᠭᠦᠷᠭᠡᠬᠦ ᠲᠠᠢ ᠲᠡᠩᠴᠡᠨ᠎ᠡ᠂ ᠶᠡᠷᠦ ᠳᠡᠭᠡᠨ 2 — 3 ᠴᠠᠭ ᠲᠤ ᠨᠢᠭᠡ | ᠤᠳᠠᠭ᠎ᠠ ᠰᠠᠯᠬᠢ ᠨᠡᠪᠲᠡᠷᠡᠭᠦᠯᠦᠨ᠎ᠡ᠃ ᠤᠳᠠᠭ᠎ᠠ ᠪᠦᠷᠢ 20 — 30 ᠮᠢᠨᠦ᠋ᠲ᠃ ᠰᠠᠯᠬᠢ ᠨᠡᠪᠲᠡᠷᠡᠭᠦᠯᠬᠦ ᠠᠴᠠ ᠡᠮᠦᠨ᠎ᠡ ᠲᠠᠬᠢᠶᠠᠨ ᠡᠭᠦᠷ ᠤᠨ ᠳᠤᠯᠠᠭᠠᠨ ᠢ | ᠳᠡᠭᠡᠭᠰᠢᠯᠡᠭᠦᠯᠬᠦ ᠶᠢᠨ ᠬᠠᠮᠲᠤ ᠰᠠᠯᠬᠢ ᠨᠡᠪᠲᠡᠷᠡᠬᠦ ᠶᠢ ᠠᠩᠬᠠᠷᠬᠤ ᠬᠡᠷᠡᠭᠲᠡᠢ᠂ ᠲᠠᠬᠢᠶ᠎ᠠ ᠶᠢ ᠰᠢᠭᠤᠳ ᠰᠠᠯᠬᠢ ᠠᠪᠤᠭᠤᠯᠵᠦ ᠪᠣᠯᠬᠤ ᠦᠭᠡᠢ᠂ ᠲᠠᠬᠢᠶᠠᠨ ᠤ | ᠬᠢᠮᠤᠷᠠᠭ᠎ᠠ ᠠᠴᠠ ᠰᠡᠷᠭᠡᠶᠢᠯᠡᠬᠦ ᠬᠡᠷᠡᠭᠲᠡᠢ᠃ ᠬᠤᠶᠠᠷ᠂ ᠠᠷᠠᠴᠢᠯᠠᠨ ᠲᠡᠵᠢᠭᠡᠬᠦ ᠨᠢᠭᠲᠠᠴᠠ ᠶᠢ ᠪᠠᠭᠤᠷᠠᠭᠤᠯᠤᠨ᠎ᠠ᠃ ᠠᠯᠠᠰᠢᠨ ᠲᠠᠬᠢᠶ᠎ᠠ ᠶᠢ ᠶᠡᠷᠦ ᠳᠡᠭᠡᠨ ᠶᠡᠭᠡ | ᠰᠦᠷᠦᠭ ᠢᠶᠠᠷ ᠲᠡᠵᠢᠭᠡᠵᠦ᠂ ᠲᠠᠬᠢᠶ᠎ᠠ ᠶᠢᠨ ᠰᠦᠷᠦᠭ ᠨᠢ ᠶᠡᠭᠡ᠂ ᠲᠤᠭ᠎ᠠ ᠬᠡᠮᠵᠢᠶ᠎ᠡ ᠨᠢ ᠠᠷᠪᠢᠨ ᠪᠠᠶᠢᠳᠠᠭ᠂ ᠲᠠᠬᠢᠶ᠎ᠠ ᠶᠢ ᠥᠨᠳᠥᠷ ᠨᠢᠭᠲᠠᠴᠠ ᠲᠠᠢ ᠲᠡᠵᠢᠭᠡᠪᠡᠯ᠂ | ᠠᠭᠠᠷ ᠳᠣᠲᠣᠷᠠᠬᠢ ᠬᠦᠴᠢᠯᠲᠥ᠋ᠷᠥᠭᠴᠢ ᠨᠢ ᠭᠦᠢᠴᠡᠳ ᠦᠭᠡᠢ ᠪᠣᠯᠵᠤ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠥᠳᠬᠡᠴᠡ ᠶᠢ ᠨᠡᠮᠡᠭᠳᠡᠭᠦᠯᠳᠡᠭ᠃ | ᠢᠯᠠᠩᠭᠤᠶ᠎ᠠ ᠥᠨᠳᠥᠷ ᠳᠤᠯᠠᠭᠠᠨ ᠳᠤ ᠴᠤᠷᠪᠠᠭ᠎ᠠ ᠪᠤᠶᠢᠵᠢᠭᠤᠯᠬᠤ ᠪᠠ ᠲᠠᠬᠢᠶᠠᠨ ᠡᠭᠦᠷ ᠤᠨ ᠴᠢᠭᠢᠭᠲᠦᠴᠡ ᠶᠡᠭᠡ ᠦᠶ᠎ᠡ ᠳᠤ᠂ ᠣᠷᠳᠣ ᠬᠤᠭᠤᠴᠠᠭ᠎ᠠ ᠪᠠᠷ ᠰᠢᠨ᠎ᠡ | ᠰᠣᠷᠭᠤᠭ ᠠᠭᠠᠷ ᠳᠤᠲᠠᠭᠳᠠᠬᠤ ᠠᠴᠠ ᠪᠣᠯᠵᠤ᠂ ᠴᠤᠷᠪᠠᠭ᠎ᠠ ᠪᠠᠭᠤᠷᠠᠢ ᠠᠮᠠᠷᠬᠠᠨ ᠡᠪᠡᠳᠴᠢᠯᠡᠵᠦ᠂ ᠲᠠᠬᠢᠶᠠᠨ ᠤ ᠦᠬᠦᠯᠲᠡ ᠶᠢᠨ ᠨᠣᠷᠮ᠎ᠠ ᠨᠢ ᠨᠡᠮᠡᠭᠳᠡᠳᠡᠭ᠃ | ᠨᠢᠭᠲᠠᠴᠠ ᠨᠢ ᠥᠨᠳᠥᠷ ᠲᠠᠬᠢᠶᠠᠨ ᠡᠭᠦᠷ ᠲᠤ ᠠᠭᠠᠷ ᠤᠨ ᠬᠠᠯᠳᠠᠪᠤᠷᠢᠲᠤ ᠡᠪᠡᠳᠴᠢᠨ ᠤ ᠲᠣᠬᠢᠶᠠᠯ ᠣᠯᠠᠰᠢᠷᠠᠵᠤ᠂ ᠣᠨᠴᠠᠭᠠᠶᠢᠯᠠᠨ ᠰᠢᠪᠲᠦᠷ ᠤᠨ ᠠᠭᠤᠯᠤᠭᠳᠠᠴᠠ | ᠥᠨᠳᠥᠷ ᠦᠶ᠎ᠡ ᠳᠤ ᠦᠷᠭᠦᠯᠵᠢ ᠠᠮᠢᠰᠬᠤᠯ ᠤᠨ ᠵᠠᠮ ᠤᠨ ᠡᠪᠡᠳᠴᠢᠨ ᠢ ᠡᠭᠦᠰᠬᠡᠳᠡᠭ᠃ ᠡᠶᠢᠮᠦ ᠠᠴᠠ ᠠᠷᠠᠴᠢᠯᠠᠭ᠎ᠠ ᠶᠢᠨ ᠨᠢᠭᠲᠠᠴᠠ ᠶᠢ ᠪᠠᠭᠠᠰᠬᠠᠨ᠂ ᠲᠡᠭᠰᠢ | ᠳᠥᠷᠪᠡᠯᠵᠢᠨ ᠮᠧᠳ᠋ᠷ ᠪᠦᠷᠢ ᠳᠤ ᠶᠢᠰᠦᠨ 1.5 ᠺᠢᠯᠣᠭ᠍ᠷᠠᠮ ᠣᠷᠴᠢᠮ ᠤᠨ ᠲᠠᠬᠢᠶ᠎ᠠ ᠶᠢ ᠲᠡᠵᠢᠭᠡᠨ᠎ᠡ᠂ ᠬᠡᠷᠪᠡ ᠲᠣᠣᠷᠯᠠᠨ ᠲᠡᠵᠢᠭᠡᠪᠡᠯ ᠨᠢᠭᠲᠠᠴᠠ ᠶᠢ ᠨᠢ ᠨᠢᠭᠡ ᠳᠠᠬᠢᠨ | ᠨᠡᠮᠡᠭᠳᠡᠭᠦᠯᠦᠨ᠎ᠡ᠃ ᠭᠤᠷᠪᠠ᠂ ᠳᠤᠯᠠᠭᠠᠨ ᠢ ᠬᠠᠮᠠᠭᠠᠯᠠᠬᠤ ᠠᠷᠭ᠎ᠠ ᠶᠢ ᠠᠩᠬᠠᠷᠬᠤ ᠬᠡᠷᠡᠭᠲᠡᠢ᠃ ᠵᠠᠷᠢᠮ ᠲᠡᠵᠢᠭᠡᠪᠦᠷᠢ ᠶᠢᠨ ᠲᠠᠯᠠᠪᠠᠢ ᠨᠢ ᠵᠥᠪᠬᠡᠨ ᠳᠤᠯᠠᠭᠠᠨ ᠢ | ᠬᠠᠳᠠᠭᠠᠯᠠᠬᠤ ᠶᠢ ᠴᠢᠬᠤᠯᠠᠴᠢᠯᠠᠬᠤ ᠠᠴᠠ ᠪᠢᠰᠢ ᠰᠠᠯᠬᠢ ᠨᠡᠪᠲᠡᠷᠡᠭᠦᠯᠬᠦ ᠶᠢ ᠣᠮᠲᠣᠭᠠᠶᠢᠯᠠᠵᠤ᠂ ᠡᠭᠦᠳᠡ ᠴᠣᠩᠬᠤ ᠪᠠᠨ ᠴᠢᠩᠭ᠎ᠠ ᠬᠠᠭᠠᠵᠤ᠂ ᠪᠠᠰᠠ ᠲᠣᠭᠲᠠᠭᠰᠠᠨ | ᠴᠠᠭ ᠲᠤ ᠰᠠᠯᠬᠢ ᠨᠡᠪᠲᠡᠷᠡᠭᠦᠯᠬᠦ ᠦᠭᠡᠢ ᠠᠴᠠ ᠬᠦᠨᠳᠦ ᠨᠣᠴᠢᠲᠠᠢ ᠬᠦᠴᠢᠯᠲᠥ᠋ᠷᠥᠭᠴᠢ ᠳᠤᠲᠠᠭᠳᠠᠵᠤ᠂ ᠦᠷᠭᠦᠯᠵᠢ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠳᠤ | ᠬᠤᠣᠷᠳᠠᠭᠳᠠᠳᠠᠭ᠃ ᠣᠨᠴᠠᠭᠠᠶᠢᠯᠠᠨ ᠨᠡᠭᠦᠷᠡᠰᠦᠨ ᠵᠤᠤᠬ᠎ᠠ ᠪᠠᠷ ᠳᠤᠯᠠᠭᠠᠨ ᠢ ᠬᠠᠳᠠᠭᠠᠯᠠᠬᠤ ᠦᠶ᠎ᠡ ᠳᠤ᠂ ᠵᠤᠤᠬ᠎ᠠ ᠵᠠᠷᠢᠮ ᠳᠠᠭᠠᠨ ᠤᠳᠤᠭ᠎ᠠ ᠭᠠᠷᠴᠤ᠂ ᠨᠡᠭᠦᠷᠡᠰᠦᠨ | ᠬᠡᠢ ᠳᠤ ᠬᠤᠣᠷᠳᠠᠭᠳᠠᠬᠤ ᠶᠠᠪᠤᠳᠠᠯ ᠨᠡᠩ ᠠᠮᠠᠷᠬᠠᠨ ᠭᠠᠷᠳᠠᠬ᠃ ᠡᠩ ᠤᠨ ᠳᠤᠯᠠᠭᠠᠯᠠᠭ᠎ᠠ ᠬᠢᠭᠰᠡᠨ ᠴᠦ ᠲᠠᠬᠢᠶ᠎ᠠ ᠲᠠᠢ ᠬᠦᠴᠢᠯᠲᠥ᠋ᠷᠥᠭᠴᠢ ᠶᠢ ᠪᠤᠯᠢᠶᠠᠯᠳᠤᠵᠤ᠂ | ᠨᠡᠭᠦᠷᠡᠰᠦᠲᠥ᠋ᠷᠥᠭᠴᠢ ᠶᠢᠨ ᠳᠠᠩ ᠢᠰᠦᠯ ᠳᠤ ᠬᠤᠣᠷᠳᠠᠭᠳᠠᠬᠤ ︵ᠪᠠᠰᠠ ᠨᠡᠭᠦᠷᠡᠰᠦᠨ ᠬᠡᠢ ᠳᠤ ᠬᠤᠣᠷᠳᠠᠭᠳᠠᠬᠤ︶ ᠶᠠᠪᠤᠳᠠᠯ ᠠᠮᠠᠷᠬᠠᠨ ᠡᠭᠦᠰᠬᠡᠳᠡᠭ᠂ ᠡᠭᠦᠨ ᠢ | ᠣᠨᠴᠠᠭᠠᠶᠢᠯᠠᠨ ᠠᠩᠬᠠᠷᠬᠤ ᠬᠡᠷᠡᠭᠲᠡᠢ᠃ ᠬᠠᠮᠤᠭ ᠤᠨ ᠰᠠᠶᠢᠨ ᠨᠢ ᠵᠤᠤᠬ᠎ᠠ ᠪᠠᠨ ᠲᠠᠬᠢᠶᠠᠨ ᠡᠭᠦᠷ ᠤᠨ ᠭᠠᠳᠠᠨᠠᠬᠢ ᠡᠭᠦᠳᠡᠨ ᠨᠦᠬᠡᠨ ᠳᠤ ᠪᠠᠷᠢᠪᠠᠯ ᠬᠤᠣᠷᠲᠤ ᠬᠡᠢ | ᠪᠡᠶᠡᠲᠦ ᠶᠢᠨ ᠬᠤᠣᠷᠳᠠᠭᠤᠯᠤᠯ ᠠᠴᠠ ᠵᠠᠶᠢᠯᠠᠰᠬᠢᠵᠦ ᠲᠠᠶᠢᠯᠤᠨ᠎ᠠ᠃ ᠳᠥᠷᠪᠡ᠂ ᠰᠡᠷᠡᠯᠵᠢᠯ ᠢ ᠰᠡᠷᠭᠡᠶᠢᠯᠡᠬᠦ ᠬᠡᠷᠡᠭᠲᠡᠢ᠃ ᠲᠠᠬᠢᠶᠠᠨ ᠤ ᠮᠡᠳᠡᠷᠡᠯ ᠰᠣᠷᠭᠤᠭ᠂ ᠠᠶᠤᠮᠠᠲᠠᠭᠠᠢ | ᠂ ᠶᠠᠮᠠᠷᠪᠠ ᠰᠢᠨ᠎ᠡ ᠳᠠᠭᠤ᠂ ᠥᠩᠭᠡ ᠪᠤᠳᠤᠭ᠂ ᠲᠠᠨᠢᠯ ᠪᠤᠰᠤ ᠬᠥᠳᠡᠯᠦᠯ ᠪᠠ ᠡᠳ᠋ ᠪᠣᠳᠠᠰ ᠤᠨ ᠭᠡᠨᠡᠳᠲᠡ ᠶᠢᠨ ᠢᠯᠡᠷᠡᠯ ᠨᠢ ᠪᠦᠷ ᠲᠠᠬᠢᠶ᠎ᠠ ᠶᠢ ᠰᠠᠨᠠᠭ᠎ᠠ ᠠᠮᠤᠷ ᠦᠭᠡᠢ | ᠪᠣᠯᠭᠠᠬᠤ᠂ ᠰᠣᠴᠢᠨ ᠪᠠᠷᠬᠢᠷᠠᠬᠤ᠂ ᠰᠦᠷᠦᠭ ᠢᠶᠠᠨ ᠰᠣᠴᠢᠭᠠᠬᠤ᠂ ᠰᠦᠷᠦᠭ ᠢᠶᠠᠨ ᠳᠡᠪᠵᠢᠶᠡᠷᠡᠭᠦᠯᠬᠦ ᠪᠤᠶᠤ ᠳᠤᠲᠠᠭᠠᠬᠤ ᠵᠡᠷᠭᠡ ᠠᠯᠢ ᠣᠯᠠᠨ ᠬᠡᠪ ᠤᠨ ᠪᠤᠰᠤ | ᠪᠠᠶᠢᠳᠠᠯ ᠢ ᠪᠤᠶ ᠪᠣᠯᠭᠠᠳᠠᠭ᠃ ᠡᠶᠢᠮᠦ ᠠᠴᠠ ᠡᠷᠬᠡᠪᠰᠢ ᠠᠯᠠᠰᠢᠨ ᠲᠠᠬᠢᠶ᠎ᠠ ᠶᠢᠨ ᠬᠡᠪ ᠤᠨ ᠡᠮᠬᠢ ᠳᠢᠭᠯᠢᠮ ᠲᠠᠢ ᠠᠮᠢᠳᠤᠷᠠᠯ ᠤᠨ ᠵᠢᠮ᠎ᠡ ᠶᠣᠰᠣ ᠶᠢ ᠪᠠᠲᠤᠯᠠᠵᠤ᠂ | ᠲᠠᠬᠢᠶ᠎ᠠ ᠶᠢᠨ ᠨᠠᠮ ᠲᠣᠭᠲᠠᠭᠤᠨ ᠪᠠᠶᠢᠬᠤ ᠶᠢ ᠪᠠᠲᠤᠯᠠᠵᠤ᠂ ᠡᠯ᠎ᠡ ᠵᠦᠢᠯ ᠤᠨ ᠰᠡᠷᠡᠯᠲᠡ ᠠᠴᠠ ᠪᠣᠯᠤᠭᠰᠠᠨ ᠬᠤᠬᠢᠷᠠᠯ ᠢ ᠪᠠᠭᠠᠰᠬᠠᠬᠤ ᠬᠡᠷᠡᠭᠲᠡᠢ᠃ |