ᠪᠠᠭᠠᠷᠢᠨ ᠪᠠᠷᠠᠭᠤᠨ ᠬᠤᠰᠢᠭᠤᠨ ᠤ ᠤᠷᠠᠨ ᠪᠦᠳᠦᠭᠡᠯᠴᠢᠳ ︽ᠠᠪᠠᠭ᠎ᠠ ᠤᠶᠠᠩᠭ᠎ᠠ︾ ᠨᠡᠷᠡᠮᠵᠢᠲᠦ ᠪᠥᠬᠦ ᠣᠷᠣᠨ ᠤ  ᠤᠷᠠᠨ ᠵᠤᠬᠢᠶᠠᠯ ᠤᠨ ᠤᠷᠤᠯᠳᠤᠭᠠᠨ ᠎ ᠳᠤ ᠦᠨᠳᠦᠷ ᠠᠮᠵᠢᠯᠳᠠ ᠤᠯᠵᠠᠢ
ᠨᠡᠶᠢᠲᠡᠯᠡᠭᠰᠡᠨ ᠴᠠᠭ᠄
2025/3/24
     ᠴᠢᠩᠬᠢᠰ ᠪᠤᠭᠳᠠ ᠠᠭᠤᠯᠨ ᠶᠢᠨ ᠰᠦᠷᠯᠢᠭ ᠪᠠᠷ᠎ᠠ ᠲᠠᠢ᠂ ᠰᠡᠩᠰᠡᠨ ᠬᠠᠷ᠎ᠠ ᠠᠳᠤᠭᠤᠨ ᠤ ᠬᠤᠷᠳᠤᠨ ᠬᠦᠶᠦᠳᠡᠯ ᠲᠠᠢ ᠠᠪᠠᠭ᠎ᠠ ᠨᠤᠳᠤᠭ ᠲᠤ ᠬᠠᠩᠭᠠᠢ ᠶᠢᠨ ᠴᠠᠰᠤ ᠬᠠᠩᠵᠠᠷᠠᠨ ᠬᠠᠶᠢᠯᠵᠤ᠂ ᠬᠠᠪᠤᠷ ᠤᠨ ᠡᠲᠦᠷ ᠤᠷᠢᠬᠠᠨ ᠲᠤᠯᠠᠭᠠᠨ᠃ ᠪᠡᠯᠬᠦᠳᠡᠢ ᠶᠢᠨ ᠠᠯᠳᠠᠨ ᠶᠠᠰᠤᠳᠠᠨ ᠤ ᠪᠦᠭᠡ ᠶᠢᠨ ᠬᠡᠶᠢᠮᠤᠷᠢᠳᠤ ᠨᠤᠳᠤᠭ ᠲᠤ ᠤᠷᠢᠬᠠᠨ ᠬᠠᠪᠤᠷ ᠤᠨ ᠲᠦᠯ ᠤᠨ ᠳᠠᠭᠤ ᠨᠢ ᠬᠠᠩᠬᠢᠨᠠᠵᠤ᠂ ᠤᠶᠠᠩᠭ᠎ᠠ ᠨᠠᠶᠢᠷᠠᠭ ᠤᠨ ᠪᠡᠭᠡ ᠶᠢᠨ ᠦᠨᠦᠷ ᠰᠡᠩᠬᠢᠨᠡᠭᠰᠡᠨ ᠰᠠᠶᠢᠬᠠᠨ ᠨᠢᠭᠡ ᠡᠲᠦᠷ ᠶᠠᠭᠤᠲᠠᠢ ᠡᠭᠡᠯᠢᠲᠡᠢ᠃
1.jpg
     3 ᠰᠠᠷ᠎ᠠ ᠶᠢᠨ 21᠎ ᠤ ᠡᠨᠡ ᠡᠳᠦᠷ᠂  ᠰᠢᠯᠢ ᠶᠢᠨ ᠭᠤᠤᠯ ᠠᠶᠢᠮᠠᠭ ᠤᠨ ᠠᠪᠠᠭ᠎ᠠ ᠬᠤᠰᠢᠭᠤᠨ ᠤ ᠲᠥᠪ ᠪᠡᠯᠭᠦᠳᠡᠢ ᠪᠠᠯᠭᠠᠰᠤᠨ᠎ᠠ᠂ ᠰᠢᠯᠢ ᠶᠢᠨ ᠭᠤᠤᠯ ᠠᠶᠢᠮᠠᠭ ᠤᠨ ᠠᠪᠠᠭ᠎ᠠ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠳᠡᠰ᠂  ᠨᠢᠭᠡᠳᠦᠮᠡᠯ ᠹᠷᠣᠨᠲ ᠤᠨ ᠬᠡᠯᠲᠡᠰ᠂ ᠤᠳᠬ᠎ᠠ ᠤᠷᠠᠯᠢᠭ ᠤᠨ ᠬᠢᠨ ᠤ ᠬᠤᠯᠪᠤᠭ᠎ᠠ ᠵᠡᠷᠭᠡ ᠲᠤᠯᠤᠭᠠᠨ ᠨᠢᠭᠡᠴᠨ ᠠᠴᠠ ᠡᠷᠬᠢᠯᠡᠨ ᠶᠠᠪᠤᠭᠳᠠᠭᠤᠯᠤᠭᠰᠠᠨ ᠬᠤᠷᠢᠨ ᠵᠢᠷᠭᠤᠭᠠᠳᠡᠬᠢ ︽ᠲᠡᠯᠡᠭᠡᠢ ᠶᠢᠨ ᠢᠷᠠᠭᠤ ᠨᠠᠶᠢᠷᠠᠭ ᠤᠨ ᠡᠲᠦᠷ︾᠎ ᠢ ᠲᠤᠷᠠᠰᠬᠠᠨ ᠪᠡᠯᠭᠡᠯᠡᠬᠦ  ︽ᠠᠵᠠ ᠬᠡᠶᠢᠮᠣᠷᠢᠲᠤ ᠠᠪᠠᠭ᠎ᠠ · ᠲᠡᠯᠡᠭᠡᠢ ᠶᠢᠨ ᠢᠷᠠᠭᠤ ᠨᠠᠶᠢᠷᠠᠭ ᠤᠨ ᠡᠲᠦᠷ ᠢ ᠪᠡᠯᠭᠡᠯᠡᠬᠦ ᠰᠤᠶᠤᠯ ᠤᠷᠠᠯᠢᠭ ᠤᠨ ᠰᠢᠷᠢᠰ ᠠᠵᠢᠯᠯᠠᠭ᠎ᠠ︾ ᠨᠢᠵᠢᠭᠢᠷ ᠰᠠᠶᠢᠬᠠᠨ ᠶᠠᠪᠤᠭᠳᠠᠵᠤ᠂ ᠤᠷᠤᠯᠳᠤᠭᠠᠨ᠂ ᠱᠠᠩᠨᠠᠨ ᠬᠥᠬᠢᠭᠦᠯᠬᠦ ᠶᠣᠰᠣᠯᠠᠯ ᠦᠪᠡᠳᠡᠭᠰᠢ ᠡᠷᠬᠢᠯᠡᠪᠡ᠃ ᠪᠥᠬᠦ ᠣᠷᠣᠨ ᠤ ᠨᠠᠶᠢᠷᠠᠭᠤᠯᠤᠯ᠂ ᠥᠭᠦᠯᠡᠯᠭᠡ᠂ ᠰᠢᠯᠦᠭ ᠤᠨ ᠤᠷᠤᠯᠳᠤᠭᠠᠨ ᠳᠤ ᠤᠯᠠᠭᠠᠨᠬᠠᠳᠠ ᠬᠤᠲᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠠᠨ ᠪᠦᠲᠦᠭᠡᠯᠴᠢᠳ ᠣᠯᠠᠨ ᠰᠠᠶᠢᠬᠠᠨ ᠣᠬᠢ ᠪᠦᠲᠦᠭᠡᠯ ᠪᠠᠷ ᠢᠶᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠯ᠎ᠡ ᠬᠤᠰᠢᠭᠤ ᠨᠤᠲᠤᠭ ᠤᠨ ᠣᠯᠠᠨ ᠵᠣᠬᠢᠶᠠᠭᠴᠢᠳ ᠲᠠᠢ ᠪᠠᠨ ᠤᠷᠤᠯᠳᠤᠵᠤ ᠦᠵᠦᠭᠦᠷ ᠮᠠᠩᠯᠠᠢ ᠠᠪᠤᠭᠰᠠᠨ‌ᠥᠨᠳᠥᠷ ᠠᠮᠵᠢᠯᠲᠠ ᠣᠯᠵᠤ᠂ ᠠᠬᠤᠢ ᠲᠡᠯᠡᠪᠡᠢ ᠶᠢᠨ ᠨᠢᠭᠡᠨ ᠭᠢᠯᠠᠰ ᠴᠡᠭ ᠪᠣᠯᠣᠭᠰᠠᠨ ᠪᠠᠶᠢᠨ᠎ᠠ᠃
2.jpg
      ᠲᠣᠰ ᠤᠳᠠᠭᠠᠨ ᠤ ᠪᠥᠬᠦ ᠣᠷᠣᠨ ᠤ ︽ᠠᠪᠠᠭ᠎ᠠ ᠤᠶᠠᠩᠭ᠎ᠠ︾ ᠨᠡᠷᠡᠮᠵᠢᠲᠦ ᠨᠠᠶᠢᠷᠠᠭᠤᠯᠤᠯ᠂ ᠦᠬᠦᠯᠡᠯᠭᠡ᠂ ᠰᠢᠯᠦᠭ ᠤᠨ ᠤᠷᠤᠯᠳᠤᠭᠠᠨ ᠳᠤ ᠪᠠᠭᠠᠷᠢᠨ ᠪᠠᠷᠠᠭᠤᠨ ᠬᠤᠰᠢᠭᠤᠨ ᠤ ᠤᠷᠠᠨ ᠪᠦᠳᠦᠭᠡᠯᠴᠢᠳ ᠦᠨᠳᠦᠷ ᠠᠮᠵᠢᠯᠳᠠ ᠲᠠᠢ ᠦᠷᠢᠰᠦᠯᠳᠦᠵᠤ᠂ ᠠᠯᠳᠠᠨ ᠬᠤᠨᠳᠠᠭ᠎ᠠ᠂ ᠮᠦᠩᠬᠦᠨ ᠬᠤᠨᠳᠠᠭ᠎ᠠ ᠶᠢᠨ ᠡᠵᠡᠳ ᠢᠶᠠᠷ ᠳᠤᠳᠤᠷᠠᠵᠠᠢ᠃ ᠡᠭᠦᠨ ᠳᠤ᠂ ᠪᠥᠬᠦ ᠣᠷᠣᠨ ᠤ ︽ᠠᠪᠠᠭ᠎ᠠ ᠤᠶᠠᠩᠭ᠎ᠠ︾ ᠨᠠᠶᠢᠷᠠᠭᠤᠯᠤᠯ ᠤᠨ ᠤᠷᠤᠯᠳᠤᠭᠠᠨ ᠳᠤ ᠳ᠋ᠠᠪᠠᠨ ᠤ ᠮᠣᠩᠭᠤᠯ ᠳᠤᠮᠳᠠᠳᠤ ᠰᠤᠷᠭᠠᠭᠤᠯᠢ ᠶᠢᠨ ᠪᠠᠭᠰᠢ ᠵᠣᠬᠢᠶᠠᠭᠴᠢ ᠪᠠ᠊ · ᠤᠶᠤᠨᠴᠡᠴᠡᠭ ︽ᠪᠠᠭᠤᠷᠢ︾ ᠭᠡᠬᠦ ᠪᠦᠳᠦᠭᠡᠯ ᠢᠶᠠᠷ ᠢᠶᠠᠨ ᠲᠡᠷᠢᠭᠦᠯᠵᠣ᠂  ᠳ᠋ᠠᠪᠠᠨ ᠪᠠᠯᠭᠠᠰᠤ ᠶᠢᠨ ᠮᠠᠯᠴᠢᠨ ᠵᠣᠬᠢᠶᠠᠭᠴᠢ ᠬᠠᠰᠭᠤᠸ᠎ᠠ ︽ᠤᠳᠤᠷ ᠤᠨ ᠵᠠᠮ︾ ᠭᠡᠬᠦ ᠪᠦᠳᠦᠭᠡᠯ ᠢᠶᠠᠷ ᠢᠶᠠᠨ ᠳᠡᠳ᠋ ᠪᠠᠶᠢᠷᠢ ᠳᠤ ᠳᠤᠳᠤᠷᠠᠵᠤ᠂  ᠴᠠᠭᠠᠠᠮᠦ᠋ᠷᠡᠨ ᠰᠤᠮᠤ ᠶᠢᠨ ᠮᠠᠯᠴᠢᠨ ᠵᠣᠬᠢᠶᠠᠭᠴᠢ ᠪᠤᠤ ᠰᠠᠷᠠᠩᠭᠤᠸ᠎ᠠ ︽ᠽᠠᠨᠳᠠᠨ ᠡᠷᠢᠭᠡ︾ ᠭᠡᠬᠦ ᠪᠦᠳᠦᠭᠡᠯ ᠢᠶᠠᠷ ᠢᠶᠠᠨ᠂  ᠪᠣᠷᠣᠠᠣᠰᠣ ᠪᠠᠯᠭᠠᠰᠤ ᠶᠢᠨ ᠮᠠᠯᠴᠢᠨ ᠵᠣᠬᠢᠶᠠᠭᠴᠢ ᠰ᠊ · ᠰᠡᠴᠡᠨᠳᠠᠯᠠᠢ ︽ᠭᠠᠭᠴᠨ ᠮᠤᠳᠤᠨ ᠰᠢᠯᠢ︾ ᠭᠡᠬᠦ ᠪᠦᠳᠦᠭᠡᠯ ᠢᠶᠠᠷ ᠎ ᠢᠶᠠᠨ ᠭᠤᠳᠠᠭᠠᠷ ᠪᠠᠶᠢᠷᠢ ᠳᠤ ᠳᠤᠳᠤᠷᠠᠭᠰᠠᠨ ᠪᠠᠶᠢᠨ᠎ᠠ︔ ︽ᠠᠪᠠᠭ᠎ᠠ ᠤᠶᠠᠩᠭ᠎ᠠ︾ ᠦᠬᠦᠯᠡᠯᠭᠡ ᠶᠢᠨ ᠤᠷᠤᠯᠳᠤᠭᠠᠨ ᠳᠤ᠂ ᠳ᠋ᠠᠪᠠᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠪᠠᠭᠰᠢ ᠵᠣᠬᠢᠶᠠᠭᠴᠢ ᠲ᠊ · ᠵᠢᠷᠢᠮ ︽ᠠᠳᠤᠭᠤᠨ ᠰᠠᠯᠬᠢ ᠠᠴᠠ ᠠᠩᠬᠢᠯᠤᠭᠰᠠᠨ ᠺᠤᠹᠧ︾ ᠭᠡᠬᠦ ᠪᠦᠳᠦᠭᠡᠯ ᠢᠶᠠᠷ ᠢᠶᠠᠨ ᠳᠡᠳ᠋ ᠪᠠᠶᠢᠷᠢ ᠳᠤ ᠳᠤᠳᠤᠷᠠᠵᠤ᠂ ᠴᠠᠭᠠᠠᠮᠦ᠋ᠷᠡᠨ ᠰᠤᠮᠤ ᠶᠢᠨ ᠮᠠᠯᠴᠢᠨ ᠵᠣᠬᠢᠶᠠᠭᠴᠢ ᠪᠦᠬᠡᠳᠤᠭᠳᠠᠬᠤ ︽ᠮᠡᠭᠡᠯᠡᠯ︾ ᠭᠡᠬᠦ ᠪᠦᠳᠦᠭᠡᠯ ᠢᠶᠠᠷ ᠢᠶᠠᠨ᠂  ᠪᠣᠷᠣᠠᠣᠰᠣ ᠪᠠᠯᠭᠠᠰᠤ ᠶᠢᠨ ᠴᠢᠯᠦᠭᠡᠲᠦ ᠵᠣᠬᠢᠶᠠᠭᠴᠢ ᠲᠡᠷᠭᠡᠯ ︽ᠡᠵᠢ ᠶᠢᠨ ᠮᠥᠷᠭᠦᠯ︾ ᠭᠡᠬᠦ ᠪᠦᠳᠦᠭᠡᠯ ᠢᠶᠠᠷ ᠢᠶᠠᠨ ᠭᠤᠳᠠᠭᠠᠷ ᠳᠠᠰ ᠲᠤ ᠲᠣᠳᠣᠷᠠᠵᠤ᠂ ᠪᠣᠷᠣᠠᠣᠰᠣ ᠪᠠᠯᠭᠠᠰᠤ ᠶᠢᠨ ᠠᠬᠠᠮᠠᠳ ᠠᠵᠢᠯᠴᠢᠨ ᠵᠣᠬᠢᠶᠠᠭᠴᠢ ᠳ᠋᠊ · ᠪᠦᠷᠢᠨᠳᠤᠭᠳᠠᠬᠤ ︽ᠨᠠᠷᠠᠨ ᠰᠢᠪᠠᠭᠤ︾ ᠭᠡᠬᠦ ᠪᠦᠳᠦᠭᠡᠯ ᠢᠶᠠᠷ ᠢᠶᠠᠨ᠂  ᠪᠠᠭᠠᠷᠢᠨ ᠪᠠᠷᠠᠭᠤᠨ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠠᠬᠠᠮᠠᠳ ᠺᠠᠳ᠋ᠷ ᠵᠣᠬᠢᠶᠠᠭᠴᠢ ᠬᠦᠭᠡᠳᠠᠪᠠᠯᠭᠠᠨ ︽ᠦᠵᠦᠬᠦᠷ ᠬᠤᠸ᠋ᠨ︾ ᠭᠡᠬᠦ ᠪᠦᠳᠦᠭᠡᠯ ᠢᠶᠠᠷ ᠢᠶᠠᠨ ᠰᠢᠯᠢᠳᠡᠭ ᠤᠨ ᠰᠢᠯᠢᠳᠡᠭ ᠳᠡᠰ ᠲᠤ ᠳᠤᠳᠤᠷᠠᠭᠰᠠᠨ ᠪᠠᠶᠢᠨ᠎ᠠ︔ ︽ᠠᠪᠠᠭ᠎ᠠ ᠤᠶᠠᠩᠭ᠎ᠠ︾ ᠰᠢᠯᠦᠭ ᠤᠨ ᠤᠷᠤᠯᠳᠤᠭᠠᠨ ᠳᠤ ᠰᠢᠪᠠᠷᠲᠠᠢ ᠭᠤᠣᠯ ᠪᠠᠭ᠎ᠠ ᠰᠤᠷᠭᠠᠭᠤᠯᠢ ᠶᠢᠨ ᠪᠠᠭᠰᠢ ᠵᠣᠬᠢᠶᠠᠭᠴᠢ ᠰ᠊ · ᠮᠦᠩᠭᠡᠨᠠᠷᠠᠰᠤ ︽ᠤᠨ ᠴᠠᠭ ᠤᠨ ᠠᠯᠠᠭᠠᠨ ᠠᠴᠠ︾ ᠭᠡᠬᠦ ᠪᠦᠳᠦᠭᠡᠯ ᠢᠶᠠᠷ ᠢᠶᠠᠨ ᠮᠠᠩᠯᠠᠶᠢᠯᠠᠵᠤ᠂ ᠴᠠᠭᠠᠠᠮᠦ᠋ᠷᠡᠨ ᠰᠤᠮᠤ ᠶᠢᠨ ᠮᠠᠯᠴᠢᠨ ᠵᠣᠬᠢᠶᠠᠭᠴᠢ ᠪᠦᠬᠡᠳᠤᠭᠳᠠᠬᠤ ︽ᠮᠤᠷᠢᠨ ᠤ ᠬᠦᠶᠦᠳᠡᠯ ᠲᠠᠢ ᠡᠭᠡ ᠤᠷᠤᠨ︾ ᠭᠡᠬᠦ ᠪᠦᠳᠦᠭᠡᠯ ᠢᠶᠠᠷ ᠢᠶᠠᠨ ᠰᠢᠯᠢᠳᠡᠭ ᠪᠠᠶᠢᠷᠢ ᠳᠤ ᠳᠤᠳᠤᠷᠠᠭᠰᠠᠨ ᠪᠠᠶᠢᠨ᠎ᠠ᠃ ᠡᠭᠦᠨ ᠠᠴᠠ ᠭᠠᠳᠠᠨ᠎ᠠ᠂ ᠬᠤᠷᠢᠨ ᠵᠢᠷᠭᠤᠭᠠᠳᠡᠬᠢ ᠲᠡᠯᠡᠭᠡᠢ ᠶᠢᠨ ᠢᠷᠠᠭᠤ ᠨᠠᠶᠢᠷᠠᠭ ᠤᠨ ᠡᠲᠦᠷ ᠢ ᠲᠤᠷᠠᠰᠬᠠᠨ ᠲᠡᠮᠳᠡᠭᠯᠡᠬᠦ ᠡᠨᠡᠬᠦ ᠠᠬᠤᠢ ᠲᠠᠯᠠᠪᠠᠢ ᠶᠢᠨ ᠪᠡᠯᠡᠨ ᠰᠢᠯᠦᠭ ᠤᠨ ᠤᠷᠤᠯᠳᠤᠭᠠᠨ ᠳᠤ᠂ ᠴᠠᠭᠠᠠᠮᠦ᠋ᠷᠡᠨ ᠰᠤᠮᠤ ᠶᠢᠨ ᠮᠠᠯᠴᠢᠨ ᠵᠣᠬᠢᠶᠠᠭᠴᠢ ᠪᠦᠬᠡᠳᠤᠭᠳᠠᠬᠤ ︽ᠲᠤᠳᠤᠭᠠᠳᠤ ᠶᠢᠷᠳᠢᠨᠴᠤ︾ ᠭᠡᠬᠦ ᠢᠵᠢᠯ ᠭᠠᠷᠴᠠᠭᠳᠤ ᠰᠢᠯᠦᠭ ᠤᠨ ᠤᠷᠤᠯᠳᠤᠭᠠᠨ ᠳᠤ ᠣᠷᠣᠯᠴᠠᠭᠠᠳ ᠰᠢᠯᠢᠳᠡᠭ  ᠱᠠᠩᠨᠠᠯ ᠲᠣᠰᠴᠤ ᠂ ᠲᠣᠰ ᠤᠳᠠᠭᠠᠨ ᠤ ᠰᠢᠷᠢᠰ ᠤᠷᠤᠯᠳᠤᠭᠠᠨ ᠠᠵᠢᠯᠯᠠᠭᠠᠨ ᠤ ᠬᠠᠮᠤᠭ ᠣᠯᠠᠨ ᠱᠠᠩᠨᠠᠯ ᠲᠣᠰᠣᠭᠰᠠᠨ ᠣᠳᠣᠨ ᠰᠣᠳᠣᠨ ᠤ ᠨᠢᠭᠡᠨ ᠪᠣᠯᠵᠤ ᠱᠠᠭᠰᠢᠭᠳᠠᠵᠠᠢ᠃
3.jpg
4.jpg
      ᠪᠠᠭᠠᠷᠢᠨ ᠪᠠᠷᠠᠭᠤᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠪᠠᠭᠠᠷᠢᠨ ᠪᠠᠷᠠᠭᠤᠨ ᠬᠤᠰᠢᠭᠤᠨ ᠤ ᠤᠷᠠᠨ ᠵᠣᠬᠢᠶᠠᠯᠴᠢᠳ ᠤᠨ ᠨᠡᠶᠢᠭᠡᠮᠯᠢᠭ ᠵᠡᠷᠭᠡ ᠪᠠᠶᠢᠭᠤᠯᠭ᠎ᠠ ᠨᠢᠭᠡᠴᠡ ᠨᠢ ᠨᠤᠲᠤᠭ ᠤᠨ ᠠᠯᠳᠠᠷ ᠢᠶᠠᠨ ᠳᠠᠶᠠᠩ ᠳᠤ ᠳᠠᠭᠤᠷᠢᠰᠤᠭᠤᠯᠵᠤ᠂ ᠭᠠᠨᠵᠤᠭ᠎ᠠ ᠳᠦᠭᠦᠷᠡᠩ ᠪᠣᠴᠠᠵᠦ ᠢᠷᠡᠭᠰᠡᠨ ᠰᠤᠶᠤᠯᠳᠤ ᠪᠠᠭᠠᠷᠢᠨ ᠤ ᠪᠠᠨ ᠰᠣᠳᠣᠨ ᠰᠠᠶᠢᠬᠠᠨ ᠤᠷᠠᠨ ᠪᠦᠲᠦᠭᠡᠯᠴᠢᠳ ᠢᠶᠠᠨ ᠦᠪᠡᠳᠡᠭᠰᠢ ᠶᠡᠬᠡᠪᠡᠷ ᠤᠭᠲᠤᠬᠤ ᠶᠣᠰᠣᠯᠠᠯ ᠶᠠᠪᠤᠭᠤᠯᠵᠤ᠂  ᠠᠯᠳᠠᠷ ᠢ ᠨᠢ ᠳᠠᠭᠤᠳᠠᠨ ᠰᠠᠶᠢᠰᠢᠶᠠᠨ ᠮᠢᠯᠢᠶᠠᠵᠠᠢ᠃   ︵ᠮᠡᠷᠭᠡᠨ᠂ ᠬᠦᠬᠡᠳᠠᠪᠠᠯᠭᠠᠨ ᠰᠡᠭᠦᠳᠡᠷᠯᠡᠨ ᠮᠡᠳᠡᠭᠡᠯᠡᠪᠡ ︶
5.jpg     
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ