ᠡᠵᠢ ᠶᠢᠨ ᠬᠠᠯᠢᠭᠰᠠᠨ ᠪᠤᠶᠤ ᠠᠪᠠᠭ᠎ᠠ ᠶᠢᠨ ᠵᠠᠬᠢᠶ᠎ᠠ
ᠨᠡᠶᠢᠲᠡᠯᠡᠭᠰᠡᠨ ᠴᠠᠭ᠄
2025/4/24
                                                                                 ᠬᠦᠬᠡᠳᠠᠪᠠᠯᠭᠠᠨ     ᠬᠦᠳᠡᠩ ᠤᠨᠢᠶᠠᠷ ᠳᠠᠲᠠᠵᠣ ᠬᠥᠬᠡᠭᠴᠢᠨ ᠮᠣᠭᠠᠢ ᠵᠢᠯ ᠤᠨ ᠨᠡᠭᠡᠭᠡᠭᠰᠡᠨ ᠬᠠᠩᠰᠢ ᠬᠥᠷᠥᠭᠡᠳ ᠢᠷᠡᠯ᠎ᠡ᠃ ᠨᠡᠭᠡᠭᠡᠭᠰᠡᠨ ᠬᠠᠩᠰᠢ ᠶᠢᠨ ᠡᠨᠡ ᠡᠳᠥᠷ ᠪᠣᠯᠬᠤ ᠪᠦᠷᠢ ᠮᠢᠨᠤ ᠰᠡᠳᠬᠢᠯ ᠶᠡᠷᠦᠨᠢ ᠣᠶᠢᠮᠤᠷᠴᠦ᠂ ᠡᠷᠭᠢᠴᠡᠭᠦᠯᠦᠯ ᠳᠤᠷᠠᠰᠤᠮᠵᠢ ᠶᠢᠨ ᠳᠤᠮᠳᠠ ᠣᠷᠣᠵᠤ  ᠬᠠᠮᠤᠭ ᠤᠨ ᠬᠠᠶᠢᠷᠠᠲᠦ ᠬᠥᠮᠥᠰ ᠢ ᠪᠠᠨ ᠦᠭᠡᠶᠢᠯᠡᠨ ᠰᠠᠨᠠᠭᠠᠯᠵᠠᠵᠤ᠂ ᠶᠠᠭᠤ ᠬᠢᠭᠡᠳ ᠴᠤ ᠰᠢᠢᠳ ᠦᠭᠡᠢ᠂ ᠤᠨᠲᠠᠵᠤ ᠢᠳᠡᠭᠡᠳ ᠴᠤ ᠠᠮᠲᠠ ᠦᠭᠡᠢ ᠪᠣᠯᠳᠠᠭ ᠮᠠᠨᠢ ᠤᠳᠠᠭᠠᠨ ᠵᠢᠯ ᠤᠨ ᠡᠮᠵᠡᠭ ᠪᠣᠯᠴᠢᠬᠠᠵᠠᠢ᠃ ᠠᠮᠢᠳᠤᠷᠠᠯ ᠤᠨ ᠠᠯᠢ ᠪᠥᠬᠦᠨ ᠺᠢᠨᠤ᠋ ᠵᠢᠷᠤᠭ ᠮᠡᠲᠦ ᠪᠠᠶᠢᠨ ᠪᠠᠶᠢᠨ ᠲᠣᠳᠤᠷᠠᠭᠠᠳ᠂ ᠥᠷᠨᠢᠭᠦᠨ ᠳᠤᠯᠠᠭᠠᠨ ᠥᠶᠥᠭ ᠳᠦᠭᠦᠷᠡᠩ ᠲᠣᠮᠣ ᠭᠡᠷ ᠪᠦᠯᠢ ᠳ᠋ᠡᠬᠡᠨ‌ᠥᠰᠴᠦ ᠲᠣᠮᠣᠭᠠᠵᠢᠨ ᠥᠨᠢᠷ ᠵᠢᠷᠭᠠᠯ ᠲᠠᠢ ᠠᠵᠤ ᠲᠥᠷᠥᠵᠦ ᠪᠠᠶᠢᠭᠰᠠᠨ ᠲᠡᠷᠡ ᠰᠠᠶᠢᠬᠠᠨ ᠴᠠᠭ ᠦᠶ᠎ᠡ ᠠᠷᠭ᠎ᠠ ᠦᠭᠡᠢ ᠪᠣᠳᠣᠭᠳᠠᠵᠤ᠂ ᠡᠨᠡᠷᠢᠯ ᠶᠡᠬᠡᠲᠡᠢ ᠡᠵᠢ ᠶᠢ ᠪᠠᠨ ᠡᠷᠬᠡ ᠦᠭᠡᠢ ᠳᠤᠷᠠᠰᠴᠤ᠂ ᠲᠡᠷᠡ ᠮᠥᠷᠲᠡᠭᠡᠨ ᠡᠩᠰᠡᠷᠡᠲᠡᠯ᠎ᠡ ᠤᠷᠤᠰᠬᠤ ᠬᠠᠯᠠᠭᠤᠨ ᠨᠢᠯᠪᠤᠰᠤ ᠪᠠᠨ ᠠᠷᠴᠢᠭᠠᠳ ᠰᠠᠶ᠋ᠢ ᠰᠡᠳᠬᠢᠯ ᠨᠢᠭᠡ  ᠲᠠᠶᠢᠪᠤᠰᠢᠷᠠᠵᠤ ᠠᠪᠳᠠᠭ ᠶᠤᠮ᠃
1.jpg
      ᠮᠢᠨᠤ ᠲᠥᠷᠥᠵᠦ ᠥᠰᠦᠭᠰᠡᠨ ᠭᠡᠷ ᠪᠦᠯᠢ ᠭᠡᠵᠤ ᠬᠡᠳᠤᠨ ᠦᠶ᠎ᠡ ᠪᠠᠷ ᠢᠶᠠᠨ ᠡᠶ᠎ᠡ ᠡᠪ ᠲᠠᠢ ᠬᠠᠮᠲᠤ ᠠᠵᠦ ᠲᠦᠷᠦᠭᠰᠡᠨ ᠲᠣᠮᠤᠬᠠᠨ ᠠᠶᠢᠯ ᠪᠠᠶᠢᠭᠰᠠᠨ ᠶᠤᠮ᠃ ᠡᠪᠦᠭᠡ ᠡᠮᠡᠭᠡ᠂ ᠠᠪᠤ ᠡᠵᠢ᠂ ᠠᠪᠠᠭ᠎ᠠ ᠠᠪᠤ᠂ ᠠᠬ᠎ᠠ ᠡᠭᠡᠴᠢ᠂ ᠬᠡᠤᠬᠡᠳ ᠠᠴᠢᠨᠠᠷ  ᠁ ᠮᠡᠲᠦᠴᠢᠯᠡᠨ ᠨᠢᠭᠡ ᠲᠣᠭᠤᠭᠠᠨ ᠠᠴᠠ ᠪᠣᠳᠠᠭ᠎ᠠ ᠢᠳᠡᠵᠦ᠂ ᠨᠢᠭᠡ  ᠬᠦᠷᠢᠶᠡᠨ᠎ᠡ ᠠᠮᠢᠳᠤᠷᠠᠵᠤ᠂ ᠬᠡᠨ ᠠᠯᠢᠨ ᠤ ᠪᠠᠨ ᠦᠭᠡ ᠠᠴᠠ ᠦᠯᠦ ᠵᠥᠷᠢᠴᠡᠬᠦ ᠬᠠᠲᠠᠭᠤ ᠵᠢᠷᠤᠮ ᠬᠠᠯᠠᠭᠤᠨ ᠰᠤᠷᠲᠠᠯ ᠲᠠᠢ ᠠᠶᠢᠯ ᠭᠡᠳᠡᠭ ᠢ ᠤᠰᠤ ᠭᠤᠣᠯ ᠤᠨ ᠎ ᠬᠢᠨ ᠪᠢᠰᠢᠷᠡᠨ ᠪᠠᠭ᠋ᠠᠷᠬᠠᠳᠠᠭ ᠨᠢ ᠦᠨᠡᠨ ᠤᠴᠢᠷ ᠰᠠᠨ᠃ ᠮᠢᠨᠤ ᠠᠪᠤ ᠠᠬ᠎ᠠ ᠳᠡᠭᠦᠦ ᠭᠤᠷᠪᠠ ᠶᠢᠨ ᠢᠶᠠᠨ ᠳᠣᠲᠣᠷᠠᠬᠢ ᠳᠤᠮᠳᠠᠬᠢ ᠨᠢ᠃ ᠤᠯᠠᠭᠠᠭᠴᠢᠨ ᠲᠠᠤᠯᠠᠢ ᠵᠢᠯ ᠎ ᠲᠠᠢ ᠮᠢᠨᠣ ᠡᠵᠢ ᠠᠷᠪᠠᠨ ᠵᠢᠷᠭᠤᠭᠠᠨ ᠤ ᠴᠡᠴᠡᠭ ᠰᠢᠭ ᠲᠣᠯᠠᠯᠵᠠᠭᠰᠠᠨ ᠨᠠᠰᠣᠨ ᠳᠠᠭᠠᠨ ᠬᠥᠬᠡ ᠬᠤᠯᠤᠭᠠᠨ᠎ᠠ ᠵᠢᠯ ᠲᠠᠢ ᠠᠪᠤ ᠲᠠᠢ ᠣᠷᠤᠭ ᠬᠤᠯᠪᠣᠵᠤ ᠴᠠᠭ ᠲᠦᠷᠣ ᠶᠢᠨ ᠶᠣᠰᠣᠭᠠᠷ ᠪᠠᠷᠢ ᠪᠣᠯᠣᠨ ᠪᠠᠭᠤᠵᠣ᠂ ᠡᠪᠦᠭᠡ ᠡᠮᠡᠭᠡ ᠎ ᠶᠢ ᠡᠮᠰᠡᠭᠯᠡᠨ ᠠᠰᠠᠷᠠᠵᠤ᠂ ᠦᠷ᠎ᠡ ᠲᠥᠯ ᠢᠶᠠᠨ ᠥᠰᠬᠡᠨ ᠡᠨᠡ ᠲᠣᠮᠣ ᠭᠡᠷ ᠪᠦᠯᠢ ᠶᠢᠨ ᠭᠠᠯ ᠭᠤᠯᠣᠮᠳᠠ ᠶᠢ ᠠᠪᠦ ᠲᠠᠢ ᠬᠤᠶᠠᠭᠤᠯᠨ ᠪᠦᠬᠦᠯᠢ ᠲᠦᠴᠢᠨ ᠭᠤᠷᠪᠠᠨ ᠵᠢᠯ ᠪᠠᠳᠠᠷᠠᠭᠠᠨ ᠮᠠᠨᠠᠵᠣ ᠪᠢᠯᠨ᠃ ᠮᠢᠨᠤ ᠳ᠋ᠠ ᠳ᠋ᠠ ︵ᠶᠡᠭᠡ ᠠᠪᠠᠭ᠎ᠠ᠂ ᠠᠪᠤ ᠶᠢᠨ ᠠᠬ᠎ᠠ︶᠎ ᠠᠴᠠ ᠭᠤᠷᠪᠠᠨ ᠬᠦᠦ ᠨᠠᠢᠮᠠᠨ ᠬᠡᠣᠬᠡᠨ ᠲᠠᠢ᠂  ᠠᠪᠠᠭ᠎ᠠ ︵ᠠᠪᠤ ᠶᠢᠨ ᠳᠡᠭᠦᠦ︶᠎ ᠠᠴᠠ ᠬᠤᠶᠠᠷ ᠬᠦᠦ ᠬᠤᠶᠠᠷ ᠬᠡᠣᠬᠡᠨ ᠲᠠᠢ᠂ ᠠᠪᠤ ᠡᠵᠢ ᠠᠴᠠ ᠪᠢᠳᠡ ᠠᠬ᠎ᠠ ᠳᠡᠭᠦᠦ ᠡᠭᠡᠴᠢ ᠳᠡᠭᠦᠦ ᠵᠢᠷᠭᠤᠭᠤᠯᠠ ᠥᠰᠴᠦ  ᠲᠣᠷᠨᠢᠭᠰᠠᠨ ᠶᠤᠮ᠃ ᠮᠢᠨᠤ ᠪᠠᠯᠴᠢᠷ ᠪᠠᠭ᠎ᠠ ᠶᠢᠨ ᠥᠯᠥᠭᠡᠢ ᠭᠡᠷ ᠭᠡᠵᠦ ᠶᠣᠰᠣᠲᠠᠢ ᠢᠨᠢᠶᠡᠳᠦ ᠬᠥᠷ ᠪᠢᠯᠬᠠᠭᠰᠠᠨ ᠬᠤᠪᠣᠷᠬᠠᠨ ᠰᠠᠶᠢᠬᠠᠨ ︽ᠳᠥᠷᠪᠡᠨ ᠦᠶᠡᠲᠦ ᠲᠣᠮᠣ ᠡᠷᠦᠬᠡ︾ ᠯᠠ ᠪᠠᠶᠢᠭᠰᠠᠨ ᠰᠠᠨ᠃ ᠡᠨᠡ ᠲᠣᠮᠤ ᠭᠡᠷ ᠪᠦᠯᠢ ᠳᠤ ᠵᠢᠳᠬᠦᠯ ᠬᠥᠯᠦᠰᠦ ᠪᠠᠨ ᠬᠠᠷᠠᠮ ᠦᠭᠡᠢ ᠤᠷᠤᠰᠬᠠᠵᠦ᠂ ᠬᠠᠷᠢᠯᠠᠵᠦ ᠢᠷᠡᠭᠰᠡᠨ ᠴᠠᠭ ᠠᠴᠠ ᠪᠠᠨ ᠬᠤᠷᠮᠣᠢ ᠭᠦᠪᠢᠬᠦ ᠵᠠᠪ ᠦᠭᠡᠢ ᠵᠢᠳᠭᠦᠵᠣ ᠵᠦᠳᠡᠷᠡᠭᠰᠡᠨ ᠬᠥᠮᠥᠨ ᠤ ᠨᠢᠭᠡ ᠨᠢ ᠮᠢᠨᠤ ᠡᠵᠢ ᠪᠢᠯᠡ᠃ ᠡᠵᠢ ᠶᠢᠨ ᠮᠢᠨᠢ  ᠨᠠᠮ ᠳᠥᠯᠭᠡᠨ ᠳᠦᠷᠢ ᠳᠦᠷᠭᠦ᠂ ᠠᠰᠪᠤᠷᠢ ᠰᠢᠯᠤᠭᠤᠨ ᠵᠠᠩ ᠠᠷᠠᠨᠰᠢᠨ᠂ ᠡᠨᠡᠬᠦ ᠲᠣᠮᠣ ᠭᠡᠷ ᠪᠦᠯᠢ ᠶᠢᠨ ᠢᠶᠠᠨ ᠲᠥᠯᠦᠭᠡ ᠯᠠ ᠭᠡᠵᠤ ᠨᠢᠷᠤᠭᠤ ᠭᠡᠳᠡᠶᠢᠯ ᠦᠭᠡᠢ ᠲᠡᠮᠡᠦᠯᠵᠦ ᠶᠠᠪᠤᠭᠰᠠᠨ ᠨᠢ ᠬᠦᠦ ᠮᠢᠨᠤᠬᠢ ᠪᠠᠨ ᠡᠯᠢᠭᠡ ᠵᠢᠷᠦᠬᠡᠨ ᠤ ᠰᠤᠳᠠᠰᠦ ᠶᠢ ᠯᠤᠭᠰᠢᠭᠤᠯᠵᠦ᠂ ᠥᠭᠡᠯᠠᠢ ᠢᠳᠡᠷ ᠪᠣᠯᠣᠭᠰᠠᠨ ᠴᠦ  ᠡᠷ᠎ᠡ ᠲᠠᠮᠢᠷ ᠢ ᠢᠮᠠᠭᠲᠠ ᠴᠢᠩᠭᠠᠯᠠᠵᠦ ᠢᠷᠡᠭᠰᠡᠨ ᠬᠠᠮᠤᠭ ᠤᠨ ᠠᠭᠤᠤ ᠶᠡᠭᠡ ᠳᠠᠭᠤᠷᠢᠶᠠᠯ ᠬᠦᠴᠦᠨ ᠶᠤᠮ᠃ ᠨᠠᠮ᠎ᠠ ᠶᠢ ᠠᠷᠪᠡ ᠬᠦᠷᠴᠦ ᠠᠷᠠᠳ ᠤᠨ ᠰᠤᠷᠭᠠᠭᠤᠯᠢ ᠶᠢᠨ ᠠᠯᠲᠠᠨ ᠪᠣᠱᠤᠭ᠎ᠠ ᠶᠢ ᠠᠯᠬᠤᠬᠤ ᠬᠦᠷᠲᠡᠯ᠎ᠡ ᠡᠪᠦᠭᠡ ᠡᠮᠡᠭᠡ ᠲᠠᠢ ᠪᠢᠳᠡ ᠬᠤᠷᠢᠭᠠᠳ ᠠᠮᠠ ᠬᠥᠮᠥᠨ ᠨᠢᠭᠡ ᠭᠡᠷ ᠲᠤ ᠠᠮᠢᠳᠤᠷᠠᠵᠤ᠂ ᠡᠵᠢ ᠮᠢᠨᠢ ᠶᠡᠷᠦᠨᠢ ᠪᠥᠬᠦ ᠭᠡᠷ ᠪᠦᠯᠢ ᠶᠢᠨ ᠨᠠᠰᠤᠲᠠᠢ ᠨᠢᠯᠬ᠎ᠠ ᠶᠢᠨ ᠡᠮᠦᠰᠬᠦ᠂ ᠢᠳᠡᠬᠦ᠂ ᠶᠠᠪᠤᠬᠤ ᠶᠡᠭᠡ ᠶᠠᠪᠤᠳᠠᠯ ᠳᠤ ᠶᠠᠭᠠᠷᠠᠨ᠂ ᠣᠶᠣᠳᠠᠯ ᠤᠲᠠᠰᠤ᠂ ᠭᠠᠯ ᠲᠣᠭᠤᠭ᠎ᠠ᠂ ᠢᠩ ᠲᠡᠭᠡᠷᠮ᠎ᠡ᠂ ᠦᠨᠢᠶ᠎ᠡ ᠲᠣᠭᠤᠯ ᠣᠯᠠᠨ ᠠᠵᠢᠯ ᠲᠥᠷᠥᠯ ᠤᠨ ᠭᠤᠣᠯ ᠪᠠᠭᠠᠲᠤᠷ ᠨᠢ ᠪᠣᠯᠵᠤ᠂ ᠦᠷ ᠤᠨ ᠭᠡᠭᠡ ᠠᠴᠠ ᠦᠳᠡᠰᠢ ᠶᠢᠨ ᠪᠦᠷᠦᠢ ᠪᠣᠯᠲᠠᠯ᠎ᠠ ᠪᠣᠷᠪᠢ ᠪᠣᠬᠢᠰᠬᠢᠯ ᠦᠭᠡᠢ ᠮᠤᠩᠭᠠᠨᠢᠵᠤ ᠯᠠ ᠪᠠᠶᠢᠳᠠᠭ᠃ ᠵᠢᠯ ᠴᠠᠭᠠᠨ ᠰᠠᠷ᠎ᠠ ᠣᠶᠢᠷᠠᠳᠬᠤ ᠳᠤ ᠪᠥᠬᠦ ᠭᠡᠷ ᠤᠨ ᠬᠥᠮᠥᠰ ᠢ ᠴᠥᠮ ᠨᠢᠭᠡ ᠵᠠᠬ᠎ᠠ ᠴᠤ ᠭᠡᠰᠡᠨ ᠰᠢᠨ᠎ᠡ ᠬᠤᠪᠴᠠᠰᠤ ᠲᠠᠢ ᠰᠢᠨᠡᠯᠡᠭᠦᠯᠦᠨ᠎ᠡ ᠭᠡᠵᠦ ᠲᠣᠰᠣᠨ ᠳ᠋ᠧᠩ ᠤᠨ ᠳᠣᠣᠷ᠎ᠠ ᠦᠢᠯᠡ ᠤᠲᠠᠰᠤ ᠣᠶᠣᠵᠤ᠂  ᠪᠢᠲᠡᠭᠦᠨ ᠤ ᠰᠥᠨᠢ ᠳᠤᠮᠳᠠ ᠪᠣᠯᠲᠠᠯ᠎ᠠ ᠶᠠᠭᠠᠷᠠᠵᠤ ᠶᠠᠭᠠᠷᠠᠭᠠᠳ ᠥᠪᠡᠷ ᠢᠶᠠᠨ ᠠᠳᠠᠭ ᠨᠢ ᠨᠢᠭᠡ ᠵᠠᠬ᠎ᠠ ᠰᠢᠨ᠎ᠡ ᠬᠠᠨᠳᠠᠭᠠᠵᠠ ᠴᠤ ᠦᠭᠡᠢ ᠬᠤᠭᠤᠰᠤᠨ ᠰᠠᠭᠤᠳᠠᠭ︔ ᠨᠠᠮᠤᠷ ᠬᠤᠷᠢᠶᠠᠵᠤ ᠡᠪᠦᠯ ᠣᠷᠣᠬᠤ ᠪᠠᠷ ᠮᠠᠨᠠᠶᠢᠬᠢᠨ‌ᠨᠣᠭᠤᠭ᠎ᠠ ᠳᠠᠷᠤᠬᠤ᠂ ᠠᠮᠤ ᠴᠠᠶᠢᠯᠭᠠᠵᠤ ᠭᠤᠯᠢᠷ ᠲᠠᠯᠬᠠᠳᠠᠨ ᠢᠩ ᠲᠡᠭᠡᠷᠮ᠎ᠡ ᠬᠥᠯᠬᠦ ︽ᠶᠡᠭᠡ ᠲᠤᠯᠤᠯᠳᠤᠭᠠᠨ︾᠎ ᠢᠶᠠᠨ ᠡᠬᠢᠯᠡᠳᠡᠭ᠃ ᠵᠠᠷᠢᠮ ᠳᠠᠭᠠᠨ ᠡᠮᠦᠨ᠎ᠡ ᠡᠳᠦᠷ ᠨᠢ ᠠᠶᠢᠯ ᠤᠨ ᠢᠩ ᠰᠡᠯᠡᠭᠦᠦ ᠪᠠᠶᠢᠭᠰᠠᠨ ᠦᠭᠡᠢ ᠪᠣᠯ ᠦᠷ ᠤᠨ ᠬᠠᠷᠠᠩᠭᠤᠢ ᠪᠠᠷ ᠪᠣᠰᠴᠤ ᠢᠩ ᠬᠦᠯᠦᠵᠣ ᠡᠷᠲᠡ ᠶᠢᠨ ᠬᠤᠭᠤᠯᠠ ᠪᠠᠨ ᠬᠢᠳᠡᠭ ᠤᠳᠠᠭ᠎ᠠ ᠴᠤ ᠭᠠᠷᠳᠠᠭ᠃ ᠨᠡᠩ ᠴᠤ ᠰᠢᠨᠡᠯᠡᠬᠦ ᠭᠡᠳ ᠠᠮᠤ ᠬᠠᠭᠤᠷᠴᠤ᠂ ᠨᠠᠩᠭᠢ ᠭᠤᠯᠢᠷ ᠳᠠᠷᠤᠨ᠎ᠠ ᠭᠡᠳ ᠡᠵᠢ ᠪᠡᠷᠭᠡᠨ ᠨᠠᠷ ᠡᠷᠭᠢᠯᠳᠦᠨ ᠪᠤᠵᠢᠭᠢᠨᠠᠭᠠᠳ ᠢᠷᠡᠬᠦ ᠨᠢ ᠠᠶᠢᠯ ᠤᠨ ᠬᠥᠮᠥᠰ ᠢ ᠦᠨᠡᠬᠡᠷ ᠭᠠᠶᠢᠬᠠᠨ ᠪᠢᠰᠢᠷᠡᠭᠦᠯᠵᠦ ᠪᠠᠶᠢᠪᠠ᠃ ᠬᠥᠮᠥᠨ ᠮᠠᠯ ᠢ ᠵᠡᠷᠭᠡ ᠪᠠᠷ ᠬᠥᠭᠵᠢᠭᠦᠯᠵᠦ ᠪᠠᠶᠢᠭᠰᠠᠨ ᠲᠡᠷᠡ ᠴᠠᠭ ᠡᠷᠡᠨ ᠳᠤ᠂ ᠡᠵᠢ ᠮᠢᠨᠢ ᠵᠠᠷᠢᠮ ᠳᠠᠭᠠᠨ ᠠᠶᠢᠯ ᠰᠠᠭᠠᠬᠠᠯᠲᠠ ᠳᠠᠭᠠᠨ ᠦᠳᠡᠰᠢ ᠣᠷᠣᠢ ᠪᠠᠷ ᠵᠠᠯᠠᠭᠳᠠᠵᠤ᠂ ᠪᠠᠴᠢᠮᠳᠠᠨ ᠰᠠᠨᠳᠤᠷᠴᠤ ᠭᠦᠶᠦᠵᠦ ᠬᠥᠷᠥᠭᠡᠳ ᠬᠡᠦᠬᠡᠳ ᠲᠣᠰᠴᠤ ᠢᠳᠤᠭᠠᠨ ᠡᠬᠡ ᠪᠠᠷᠢᠭᠴᠢ ᠪᠣᠯᠵᠤ ᠬᠦᠢᠰᠦ ᠶᠢ ᠨᠢ ᠬᠠᠶᠢᠴᠢᠯᠠᠭᠠᠳ ᠢᠷᠡᠳᠡᠭ ᠴᠤ ᠪᠠᠶᠢᠭᠰᠠᠨ ᠰᠠᠨ᠃ ᠬᠥᠮᠥᠨ ᠠᠮᠠ ᠣᠯᠠᠨ ᠲᠠᠢ ᠠᠶᠢᠯ ᠤᠨ ᠡᠮᠦᠰᠴᠦ᠂ ᠢᠳᠡᠬᠦ ᠪᠣᠯ ᠶᠡᠭᠡ ᠠᠰᠠᠭᠤᠳᠠᠯ ᠶᠤᠮ᠃ ᠡᠭᠦᠨ ᠳᠡᠭᠡᠷ᠎ᠡ ᠭᠡᠶᠢᠴᠢᠨ ᠵᠣᠴᠢᠨ ᠢ ᠤᠭᠲᠤᠵᠤ ᠦᠳᠡᠨ᠎ᠡ ᠭᠡᠳᠡᠭ ᠨᠢ ᠮᠠᠨ ᠤ ᠭᠡᠷ ᠤᠨ ᠪᠠᠰᠠ ᠨᠢᠭᠡᠨ ᠥᠭᠡᠷ᠎ᠡ ᠠᠶᠢᠯ ᠬᠤᠲᠠ ᠠᠴᠠ ᠣᠨᠴᠣᠭᠤᠢ ᠶᠡᠭᠡ ᠶᠠᠪᠤᠳᠠᠯ ᠰᠠᠨᠵᠠᠢ᠃ ᠠᠪᠤ ᠨᠠᠷ ᠤᠨ ᠨᠠᠭᠠᠴᠤ ᠶᠢᠨ ᠬᠢᠨ ᠬᠠᠷᠢ ᠬᠤᠰᠢᠭᠤᠨ ᠠᠴᠠ ᠡᠮᠡᠭᠡ ᠶᠢ ᠡᠷᠭᠢᠬᠦ ᠪᠠᠷ ᠢᠷᠡᠬᠦ᠂ ᠳ᠋ᠠ ᠳ᠋ᠠ ᠶᠡᠭᠡ ᠪᠠᠷᠢᠭᠠᠲᠠ ᠶᠢᠨ ᠠᠯᠪᠠᠨ ᠳᠤ  ᠶᠠᠪᠤᠵᠤ ᠪᠠᠶᠢᠳᠠᠭ ᠢᠶᠠᠷ ᠨᠢᠭᠡᠳᠦᠯ ᠪᠠᠷᠢᠭᠠᠲᠠ ᠶᠢᠨ ᠺᠠᠳ᠋ᠷ ᠨᠠᠷ ᠢᠷᠡᠬᠦ᠂ ᠡᠵᠢ ᠪᠣᠯᠣᠨ ᠪᠡᠷᠭᠡᠨ ᠨᠠᠷ ᠤᠨ ᠲᠥᠷᠬᠦᠮ ᠠᠴᠠ ᠡᠷᠭᠢᠯᠲᠡ ᠪᠠᠷ ᠢᠷᠡᠬᠦ ᠭᠡᠬᠦᠴᠢᠯᠡᠨ᠂ ᠨᠡᠩ ᠴᠤ ᠠᠯᠤᠰ ᠬᠤᠯᠠ ᠵᠢᠷᠢᠮ ᠠᠴᠠ ᠠᠪᠠᠭ᠎ᠠ ᠮᠢᠨᠢ ᠴᠡᠷᠢᠭ ᠤᠨ ᠬᠤᠸᠠᠷᠠᠨ ᠠᠴᠠ ᠪᠠᠨ ᠴᠢᠯᠦᠭᠡ ᠪᠠᠷ ᠬᠠᠷᠢᠵᠦ ᠢᠷᠡᠬᠦ ᠳᠤ ᠠᠶᠢᠯ ᠠᠶᠢᠮᠠᠭ ᠤᠨ ᠲᠥᠷᠥᠯ ᠰᠠᠳᠤᠨ᠂ ᠬᠠᠮᠲᠤ ᠰᠤᠷᠤᠯᠭᠠᠲᠠᠨ᠂ ᠳᠠᠶᠢᠴᠢᠨ ᠬᠠᠨᠢ ᠨᠤᠭᠤᠳ ᠨᠢ ᠵᠣᠯᠭᠠᠬᠤ ᠪᠠᠷ ᠴᠤᠭᠯᠠᠷᠠᠬᠤ ᠵᠡᠷᠭᠡ ᠲᠡᠷᠡ ᠴᠠᠭ ᠦᠶ᠎ᠡ ᠪᠣᠯ ᠮᠠᠨ ᠤ ᠭᠡᠷ ᠤᠨ ᠬᠠᠮᠤᠭ ᠤᠨ ᠬᠥᠭᠵᠢᠯᠲᠡᠢ ᠪᠥᠭᠡᠳ ᠶᠠᠭᠠᠷᠠᠯᠲᠠᠢ ᠴᠠᠭ ᠪᠣᠯᠣᠨ᠎ᠠ᠃ ᠬᠤᠯᠠ ᠶᠢᠨ ᠭᠡᠶᠢᠴᠢᠨ ᠢᠶᠠᠨ ᠬᠤᠨᠤᠭᠤᠯᠵᠦ ᠥᠨᠵᠢᠭᠦᠯᠦᠨ᠂ ᠣᠶᠢᠷ᠎ᠠ ᠶᠢᠨ ᠵᠣᠴᠢᠨ ᠢᠶᠠᠨ ᠢᠳᠡᠭᠦᠯᠵᠦ ᠤᠤᠭᠤᠯᠭᠠᠨ᠎ᠠ ᠭᠡᠳ ᠶᠠᠭᠠᠷᠠᠬᠤ ᠶᠢᠨ ᠲᠡᠷᠢᠭᠦᠨ ᠳᠤ ᠶᠠᠭᠠᠷᠠᠭᠠᠳ᠂ ᠬᠠᠶᠠ ᠵᠠᠷᠢᠮ ᠳᠠᠭᠠᠨ ᠥᠪᠡᠷ ᠢᠶᠠᠨ ᠥᠯ ᠬᠤᠭᠤᠯᠠ ᠦᠭᠡᠢ ᠬᠤᠨᠣᠳᠠᠭ ᠨᠢ ᠪᠠᠰᠠ ᠯᠠ ᠮᠢᠨᠤ ᠡᠵᠢ ᠶᠤᠮ᠃  ᠥᠪᠡᠷ ᠤᠨ ᠭᠡᠷ ᠤᠨ ᠬᠥᠮᠥᠰ ᠤᠨ ᠢᠶᠠᠨ ᠭᠤᠷᠪᠠᠨ ᠡᠷᠡᠨ ᠤ ᠬᠤᠭᠤᠯᠠ ᠪᠠᠵᠠᠭᠠᠬᠤ ᠠᠴᠠ ᠠᠰᠲᠠᠭᠠᠨ ᠭᠡᠶᠢᠴᠢᠨ ᠵᠣᠴᠢᠨ ᠢᠶᠠᠨ ᠬᠠᠯᠠᠭᠤᠨ ᠴᠠᠢ ᠰᠢᠨ᠎ᠡ ᠬᠤᠭᠤᠯᠠ ᠤᠤᠭᠤᠯᠭᠠᠵᠤ ᠢᠳᠡᠭᠦᠯᠦᠨ᠎ᠡ ᠭᠡᠳ᠂ ︽ᠨᠢᠭᠡ ᠡᠳᠦᠷ ᠲᠤ ᠳᠣᠯᠤᠭ᠎ᠠ ᠨᠠᠢᠮᠠᠨᠲᠠ ᠭᠠᠯ ᠲᠣᠭᠤᠭ᠎ᠠ ᠪᠠᠷᠢᠭᠰᠠᠨ ᠤᠳᠠᠭ᠎ᠠ ᠭᠠᠷᠳᠠᠭ ᠰᠢᠤ︾ ᠭᠡᠵᠦ ᠡᠮᠡᠭᠡ ᠶᠢᠨ ᠮᠢᠨᠢ ᠪᠡᠷᠢᠶᠡᠳ ᠢᠶᠠᠨ ᠥᠷᠦᠪᠳᠦᠨ ᠪᠠᠰᠠ ᠰᠠᠶᠢᠰᠢᠶᠠᠨ ᠬᠡᠯᠡᠵᠦ ᠪᠠᠶᠢᠭᠰᠠᠨ ᠢ ᠨᠢ ᠴᠡᠭᠡᠵᠢᠯᠡᠵᠦ ᠪᠠᠶᠢᠨ᠎ᠠ᠃ ᠠᠶᠢᠯᠴᠢᠯᠠᠵᠤ ᠢᠷᠡᠭᠰᠡᠨ ᠭᠡᠶᠢᠴᠢᠨ ᠵᠣᠴᠢᠨ ᠢᠶᠠᠨ ᠬᠤᠭᠤᠰᠤᠨ ᠭᠠᠷᠭᠠᠬᠤ ᠦᠭᠡᠢ ᠭᠡᠳ ᠬᠤᠭᠤᠯᠠ ᠪᠤᠳᠠᠭ᠎ᠠ ᠢᠳᠡᠭᠦᠯᠵᠦ ᠂ ᠪᠠᠰᠠ ᠪᠠᠭ᠎ᠠ ᠴᠤ ᠪᠣᠯᠤᠭ ᠪᠡᠯᠡᠭ ᠪᠠᠭᠯᠠᠬᠤ ᠨᠢ ᠮᠠᠨ ᠤ ᠭᠡᠷ ᠤᠨ ᠰᠤᠷᠲᠠᠯ ᠶᠤᠮ᠂ ᠡᠭᠦᠨ ᠢ ᠮᠢᠨᠤ ᠡᠵᠢ ᠯᠠ ᠬᠠᠷᠢᠭᠤᠴᠠᠵᠤ ᠭᠦᠢᠴᠡᠳᠬᠡᠳᠡᠭ᠃ ᠮᠢᠨᠤ ᠣᠢ ᠲᠣᠢ ᠎ ᠳᠤ᠂ ︽ᠮᠠᠯᠲᠠᠵᠤ ᠠᠷᠢᠯᠭᠠᠬᠤ︾ ᠬᠥᠳᠡᠯᠭᠡᠭᠡᠨ ᠢᠷᠡᠬᠦ ᠲᠡᠷᠡ ᠵᠢᠯ ᠳᠤ᠂  ᠬᠤᠶᠠᠷ ᠣᠮᠪᠣᠯ ᠢᠶᠠᠨ ᠦᠵᠡᠭᠰᠡᠨ ᠮᠢᠨᠤ ᠳ᠋ᠠ ᠳ᠋ᠠ ᠡᠷᠦᠬᠡ ᠰᠠᠯᠵᠤ᠂  ᠠᠷᠪᠠ ᠭᠠᠷᠤᠢ ᠠᠮᠠ ᠬᠥᠮᠥᠨ ᠲᠠᠢ ᠪᠠᠨ ᠮᠥᠨ ᠬᠦᠷᠢᠶᠡᠨ ᠳᠤ ᠰᠢᠨ᠎ᠡ ᠭᠡᠷ ᠪᠠᠷᠢᠵᠤ ᠠᠰᠲᠠᠭᠠᠨ ᠲᠤᠯᠭ᠎ᠠ ᠪᠣᠰᠬᠠᠵᠤ᠂ ᠡᠪᠦᠭᠡ ᠡᠮᠡᠭᠡ ᠵᠠᠪᠠᠯ ᠬᠤᠶᠠᠳᠤᠭᠠᠷ ᠬᠦᠦ ᠪᠠᠨ ︽ᠳᠠᠭᠠᠨ᠎ᠠ︾ ᠭᠡᠳ ᠡᠪᠦᠭᠡ᠂ ᠠᠪᠤ  ᠪᠢᠳᠡ ᠮᠥᠨ ᠠᠷᠪᠠᠭᠠᠳ ᠠᠮᠠ ᠬᠥᠮᠥᠨ ᠲᠠᠢ ᠠᠶᠢᠯ ᠪᠣᠯᠪᠠ᠃ ᠤᠯᠠᠮᠵᠢᠯᠠᠯ ᠵᠠᠩᠰᠢᠯ ᠳᠤ᠂ ᠨᠠᠰᠤᠲᠠᠢ ᠡᠴᠢᠭᠡ ᠡᠬᠡ ᠪᠣᠯᠣᠭᠰᠠᠳ ᠬᠡᠦᠬᠡᠳ ᠦᠷ᠎ᠡ ᠪᠠᠨ ᠠᠰᠲᠠᠭᠠᠨ ᠠᠶᠢᠯ ᠡᠷᠦᠬᠡ ᠪᠣᠯᠭᠠᠨ ᠰᠠᠯᠭᠠᠬᠤ ᠳᠠᠭᠠᠨ ᠶᠡᠷᠦᠨᠢ ᠨᠢᠭᠡ ᠪᠣᠯ ᠤᠤᠭᠠᠨ ᠬᠦᠦ ᠪᠠᠨ ᠳᠠᠭᠠᠵᠤ᠂ ᠦᠭᠡᠢ ᠪᠣᠯ ᠣᠳᠬᠤᠨ ᠬᠦᠦ ᠪᠠᠨ ᠳᠠᠭᠠᠳᠠᠭ ᠶᠣᠰᠣᠨ ᠪᠣᠢ᠂ ᠳᠤᠮᠳᠠᠬᠢ ᠬᠦᠦ ᠪᠠᠨ ᠳᠠᠭᠠᠭᠰᠠᠨ ᠨᠢ ᠮᠢᠨᠤ ᠡᠪᠦᠭᠡ ᠡᠮᠡᠭᠡ ᠶᠢᠨ ᠨᠡᠶᠢᠭᠡᠮ ᠨᠡᠶᠢᠲᠡ ᠶᠢᠨ ᠡᠩ ᠤᠨ ᠵᠤᠷᠰᠢᠯ ᠠᠴᠠ ᠵᠢᠭᠠᠬᠠᠨ ᠣᠨᠳᠣᠣ ᠰᠣᠩᠭᠤᠯᠲᠠ ᠪᠠᠶᠢᠵᠤ᠂  ᠡᠭᠦᠨ ᠳᠤ ᠨᠢ ᠮᠢᠨᠤ ᠠᠪᠤ ᠡᠵᠢ ᠬᠠᠷᠢᠨ ᠮᠠᠰᠢ ᠰᠡᠳᠬᠢᠯ ᠪᠠᠭ᠋ᠠᠳᠤᠮ᠎ᠠ ᠪᠣᠯᠵᠤ᠂ ᠠᠴᠢᠯᠠᠯ ᠭᠦᠢᠴᠡᠳᠬᠡᠵᠦ ᠠᠮᠢᠳᠤᠷᠠᠬᠤ ᠬᠤᠪᠢ ᠲᠠᠢ ᠬᠡᠮᠡᠨ ᠰᠠᠨᠠᠳᠠᠭ ᠶᠤᠮ᠃       ᠣᠷᠴᠢᠯᠠᠩ ᠤᠨ ᠴᠠᠭ ᠮᠦᠴᠡ ᠵᠢᠮ᠎ᠡ ᠪᠠᠷ ᠢᠶᠠᠨ ᠡᠭᠡᠯᠵᠢᠯᠡᠵᠦ᠂ ᠨᠢᠭᠡ ᠮᠡᠳᠡᠬᠦᠯ᠎ᠡ ᠳᠦᠴᠢᠨ ᠵᠢᠯ ᠥᠩᠭᠡᠷᠡᠨ ᠣᠳᠴᠢᠬᠠᠵᠠᠢ᠃ ᠴᠠᠯ ᠵᠠᠯᠠᠭᠤ ᠨᠠᠰᠦ ᠮᠢᠨᠢ ᠴᠦ ᠠᠮᠢᠳᠤᠷᠠᠯ ᠤᠨ ᠵᠢᠮ᠎ᠡ ᠪᠠᠷ ᠦᠳᠡᠯᠦᠶ᠎ᠠ ᠶᠢᠨ ᠵᠠᠮ ᠢ ᠠᠷᠭ᠎ᠠ ᠦᠭᠡᠢ ᠡᠯᠭᠦᠵᠡᠢ ᠃ ᠬᠥᠮᠥᠨ ᠤ ᠬᠤᠷᠸ᠎ᠠ ᠶᠢᠨ ᠡᠩᠬᠦᠯ ᠳᠣᠩᠬᠤᠯ ᠠᠶᠠᠨ᠂  ᠪᠠᠶᠠᠷ ᠪᠠᠭ᠋ᠠᠳᠤᠯ᠂ ᠬᠥᠷ ᠢᠨᠢᠶᠡᠳᠦ᠂ ᠣᠶᠢᠳᠬᠠᠷ ᠭᠤᠨᠢᠭ ᠲᠡᠷᠡ ᠪᠦᠬᠦᠨ ᠨᠢ ᠲᠤᠭᠤᠯᠤᠨ ᠢᠷᠡᠭᠰᠡᠨ ᠰᠢᠨᠳᠠᠰᠦ ᠰᠢᠯᠭᠠᠬᠤ ᠳᠠᠪᠠᠭ᠎ᠠ ᠮᠡᠲᠦ ᠪᠠᠷ ᠣᠢ ᠤᠶᠤᠨ ᠳᠤ ᠪᠠᠯᠠᠷᠠᠰᠢ ᠦᠭᠡᠢ ᠳᠤᠷᠠᠳᠬᠠᠯ᠂ ᠪᠣᠴᠠᠰᠢ ᠦᠭᠡᠢ ᠡᠷᠬᠢᠴᠡᠭᠦᠯᠦᠯ ᠤᠨ ᠬᠠᠭᠤᠳᠠᠰᠦ ᠶᠢ ᠦᠯᠡᠳᠡᠭᠡᠪᠡ᠃  ᠳᠥᠴᠢᠨ ᠵᠢᠯ ᠤᠨ ᠡᠮᠣᠨ᠎ᠡ᠂ ᠬᠠᠨᠭ᠍ᠰᠢ ᠶᠢᠨ ᠡᠳᠦᠷ ᠬᠦᠷᠴᠦ ᠢᠷᠡᠬᠦ ᠪᠠᠷ ᠰᠤᠮᠤᠨ ᠤ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠶᠢᠭᠰᠠᠨ ᠮᠠᠨ ᠢ ᠳᠠᠭᠠᠵᠤ ᠣᠮᠪᠣᠯ ᠬᠦᠦ ᠪᠠᠨ ᠬᠠᠷᠠᠵᠤ ᠰᠠᠷ᠎ᠠ ᠰᠢᠬᠠᠮ ᠰᠠᠭᠤᠭᠰᠠᠨ ᠡᠵᠢ ᠮᠢᠨᠢ ᠠᠷᠤ ᠭᠡᠷ ᠎ ᠲᠡᠭᠡᠨ ᠬᠠᠷᠢᠵᠦ᠂ ᠨᠢᠭᠡ ᠪᠠᠭ᠋ᠠᠨ ᠡᠳᠦᠷ ᠪᠣᠯᠣᠭᠠᠳ ᠢᠷᠡᠶ᠎ᠡ ᠭᠡᠰᠡᠨ ᠪᠢᠯᠡ᠃  ᠬᠡᠨ ᠮᠡᠳᠡᠵᠢᠨᠡᠮ᠂ ᠲᠡᠷᠡ ᠬᠠᠩᠰᠢ ᠶᠢᠨ ᠲᠠᠷᠠᠭᠠᠬᠠᠨ᠂ ᠠᠴᠢᠯᠠᠬᠤ ᠬᠤᠪᠢ ᠲᠠᠢ ᠪᠣᠯᠪᠠᠴᠤ ᠡᠳ᠋ᠯᠡᠬᠦ ᠪᠤᠶᠠᠨ ᠦᠭᠡᠢ ᠮᠢᠨᠤ ᠡᠵᠢ  ᠦᠪᠡᠷ ᠤᠨ ᠪᠡᠶ᠎ᠡ ᠨᠢ ᠡᠮᠡᠭᠡ ᠰᠠᠭᠤᠵᠣ ᠦᠰᠦ ᠭᠡᠵᠢᠭᠡ ᠨᠢ ᠪᠤᠭᠤᠷᠤᠯᠲᠤᠵᠤ ᠬᠦᠭᠰᠢᠳ ᠤᠨ ᠲᠠᠩᠰᠠᠨ ᠳᠤ ᠣᠷᠣᠭᠰᠠᠨ ᠴᠣ᠋᠂  ᠡᠮᠦᠨ᠎ᠡ ᠬᠤᠶᠠᠷ ᠵᠢᠯ ᠪᠣᠯᠲᠠᠯ᠎ᠠ ᠡᠪᠦᠭᠡ ᠡᠮᠡᠭᠡ ᠬᠤᠶᠠᠷ ᠢ ᠨᠠᠶᠠᠨ ᠲᠠᠪᠦ᠂ ᠵᠢᠷᠭᠤᠭ᠎ᠠ ᠬᠦᠷᠳᠡᠯ᠎ᠡ ᠡᠪᠦᠳᠦᠭ ᠲᠣᠣᠷ᠎ᠠ ᠨᠢ  ᠡᠮᠰᠡᠭᠯᠡᠵᠣ ᠦᠨᠠᠨ ᠎ ᠤ ᠭᠠᠵᠠᠷ ᠲᠤᠨᠢ ᠬᠦᠷᠭᠡᠨ ᠵᠢᠷᠭᠠᠭᠤᠯᠣᠭᠰᠠᠨ  ᠡᠵᠢ ᠮᠢᠨᠢ᠂  ᠡᠨᠡ ᠤᠳᠠᠭ᠎ᠠ ᠠᠷᠤ ᠭᠡᠷ ᠲᠡᠭᠡᠨ ᠬᠠᠷᠢᠭᠠᠳ ᠳᠠᠬᠢᠵᠤ ᠪᠣᠴᠠᠵᠦ ᠢᠷᠡᠵᠦ ᠴᠢᠳᠠᠭᠰᠠᠨ ᠦᠭᠡᠢ᠃ ᠲᠠᠪᠢ ᠶᠢᠰᠣᠳᠠᠢ ᠡᠵᠢ ᠮᠢᠨᠢ ᠲᠦᠴᠢᠨ ᠭᠤᠷᠪᠠᠨ ᠵᠢᠯ ᠲᠦᠷᠡᠯᠵᠢᠬᠦᠯᠦᠭᠰᠡᠨ ᠡᠨᠡ ᠲᠣᠮᠣ ᠪᠦᠯᠢ ᠶᠢᠨ ᠭᠠᠯ ᠵᠤᠤᠬ᠎ᠠ ᠶᠢᠨ ᠢᠶᠠᠨ ᠲᠡᠷᠬᠡᠳᠠ ᠣᠨᠠᠭᠠᠳ ᠠᠪᠤ ᠪᠣᠯᠣᠨ ᠴᠢᠰᠣ ᠮᠢᠬᠠᠨ ᠤ ᠲᠠᠰᠣᠷᠬᠠᠢ ᠴᠠᠶᠢᠯᠭᠠᠨ ᠠᠮᠢ ᠶᠢᠨ ᠬᠢᠨᠢ ᠵᠠᠯᠭᠠᠮᠵᠢ ᠦᠨᠳᠡᠬᠡᠨ ᠵᠢᠷᠭᠤᠭᠠᠨ ᠦᠷ᠎ᠡ᠂ ᠣᠮᠪᠣᠯ ᠵᠣᠯᠵᠠᠭ᠎ᠠ ᠨᠤᠭᠤᠳ ᠢᠶᠠᠨ ᠠᠷᠣ ᠳᠠᠭᠠᠨ ᠣᠷᠬᠢᠨ ᠬᠠᠯᠢᠨ ᠣᠳᠴᠤ ᠶᠢᠷᠲᠢᠨᠴᠦ ᠶᠢᠨ ᠮᠦᠡᠭᠬᠡ ᠪᠣᠰᠣ ᠶᠢ ᠦᠵᠡᠭᠦᠯᠴᠢᠬᠡᠪᠡ᠃ ᠡᠨᠡ ᠪᠡᠶ᠎ᠡ ᠶᠢ ᠲᠥᠷᠥᠵᠦ ᠦᠰᠬᠡᠭᠰᠡᠨ ᠡᠨᠡᠷᠢᠯ ᠤᠨ ᠨᠠᠷᠨ ᠢᠩᠭᠢᠵᠦ ᠤᠨᠠᠵᠤ᠂ ᠮᠢᠨᠤ ᠠᠮᠢᠳᠤᠷᠠᠯ ᠤᠨ ᠳᠡᠯᠡᠬᠡᠢ ᠶᠡᠭᠦᠷᠡᠭᠰᠡᠨ ᠮᠡᠲᠦ ᠪᠣᠯᠪᠠ᠃ ᠬᠠᠯᠠᠭᠤᠨ ᠣᠭᠤᠷᠠᠭ ᠢ ᠨᠢ ᠰᠢᠮᠡᠨ ᠪᠠᠶᠢᠵᠤ ᠬᠦᠯ ᠳᠤ ᠣᠷᠣᠵᠣ᠂ ᠬᠠᠶᠢᠷ᠎ᠠ ᠰᠤᠷᠭᠠᠯ ᠢ ᠬᠦᠷᠲᠡᠨ ᠲᠣᠮᠣᠭᠠᠵᠢᠵᠤ᠂ ᠬᠠᠭᠤᠷᠣᠭᠰᠡᠨ ᠵᠠᠷᠮ᠎ᠠ ᠭᠤᠯᠢᠷ ᠢ ᠨᠢ ᠬᠦᠨᠡᠰᠦ ᠬᠤᠭᠤᠯᠠ ᠪᠣᠯᠭᠠᠵᠦ ᠰᠤᠷᠭᠠᠭᠤᠯᠢ ᠰᠣᠶᠣᠯ ᠤᠨ ᠮᠥᠷ ᠬᠥᠭᠡᠭᠡᠵᠦ ᠬᠡᠯᠨ ᠰᠣᠶᠣᠯ ᠲᠠᠢ ᠪᠣᠯᠣᠭᠰᠠᠨ ᠦᠷ᠎ᠡ ᠨᠢ ᠪᠢ᠂ ᠠᠵᠢᠯ ᠠᠯᠪᠠ ᠳᠤ ᠭᠠᠷᠴᠤ ᠴᠠᠯᠢᠩ ᠹᠦᠩᠯᠦ  ᠣᠯᠣᠭᠰᠠᠨ ᠪᠣᠯᠪᠠᠴᠤ᠂  ᠡᠨᠡᠷᠢᠯᠲᠦ ᠡᠵᠢ  ᠳᠡᠭᠡᠨ ᠠᠴᠢ ᠭᠡᠵᠦ  ᠶᠠᠭᠤ ᠴᠣ᠋ ᠬᠠᠷᠢᠭᠤᠯᠵᠣ  ᠠᠮᠵᠢᠭᠰᠠᠨ ᠦᠬᠡᠢ  ᠭᠡᠮᠰᠢᠨ ᠬᠤᠴᠣᠷᠴᠠᠢ᠃        ᠡᠵᠢ ᠶᠢᠨ ᠮᠢᠨᠢ ᠨᠠᠰᠤ ᠪᠠᠷᠠᠭᠰᠠᠨ ᠨᠢ ᠲᠤᠩ ᠭᠡᠨᠡᠳᠲᠡ ᠶᠢᠨ ᠲᠤᠯᠠ᠂ ᠡᠳᠦᠷ ᠰᠤᠳᠤᠷ ᠦᠵᠡᠭᠦᠯᠵᠦ ᠡᠵᠢ ᠶᠢᠨ ᠬᠤᠵᠢᠮ ᠤᠨ ᠶᠠᠪᠤᠳᠠᠯ ᠢ ᠪᠠᠴᠢᠮ ᠶᠠᠭᠠᠷᠠᠯᠲᠠᠢ ᠳᠠᠭᠤᠰᠬᠠᠭᠠᠳ᠂ ᠪᠢ ᠳᠡᠭᠡᠳᠦ ᠳᠤᠮᠳᠠᠳᠤ ᠶᠢᠨ ᠲᠡᠭᠦᠰᠬᠦ ᠣᠨ ᠢ ᠡᠷᠬᠢᠯᠡᠵᠦ ᠪᠠᠰᠠ ᠭᠤᠣᠯ ᠬᠢᠴᠢᠶᠡᠯ ᠵᠢᠭᠠᠵᠤ ᠪᠠᠶᠢᠭ᠎ᠠ ᠪᠣᠯᠬᠤᠷ᠂ ᠭᠤᠷᠪᠠ ᠳᠣᠯᠤᠭ᠎ᠠ ᠬᠤᠨᠤᠭ ᠤᠨ ᠴᠡᠭᠡᠷ ᠰᠠᠬᠢᠯ ᠬᠡᠮᠡᠨ ᠭᠦᠢᠴᠡᠭᠡᠯ ᠦᠭᠡᠢ ᠠᠵᠢᠯ ᠤᠨ ᠪᠠᠶᠢᠷᠢ ᠳᠠᠭᠠᠨ ᠪᠤᠴᠠᠪᠠ᠃ ᠲᠤᠬᠠᠢ ᠶᠢᠨ ᠲᠡᠷᠡ ᠡᠳᠦᠷ ᠬᠤᠨᠤᠭ ᠤᠳ ᠲᠤ᠂ ᠥᠪᠡᠷ ᠤᠨ ᠪᠡᠶ᠎ᠡ ᠶᠠᠭ ᠰᠦᠨᠡᠰᠦ ᠪᠠᠨ ᠭᠡᠭᠡᠭᠰᠡᠨ ᠰᠢᠭ ᠪᠣᠯᠵᠤ᠂ ᠰᠤᠷᠭᠠᠭᠤᠯᠢ ᠶᠢᠨ ᠴᠠᠷᠭᠢᠯ ᠳᠠᠭᠤ ᠲᠠᠢ ᠯᠠᠪᠠᠷ ᠠᠴᠠ ᠡᠭᠡᠰᠢᠭ ᠳᠠᠭᠤᠤ ᠴᠣᠣᠷᠢᠶᠠᠳᠣᠬᠤ ᠪᠦᠷᠢ ᠥᠪᠡᠷ ᠤᠨ ᠡᠷᠬᠡ ᠦᠭᠡᠢ ᠰᠡᠳᠬᠢᠯ ᠡᠮᠲᠡᠷᠡᠨ᠂ ᠪᠠᠭᠰᠢ ᠰᠣᠷᠣᠭᠴᠢᠳ ᠠᠴᠠ ᠪᠠᠨ ᠳᠠᠯᠳᠠ ᠨᠢᠯᠪᠤᠰᠤ ᠪᠠᠨ ᠠᠷᠴᠢᠳᠠᠭ᠃ ᠡᠵᠢ ᠪᠠᠨ ᠠᠯᠳᠠᠭᠰᠠᠨ ᠵᠣᠯ ᠪᠤᠰᠤ ᠭᠠᠰᠢᠭᠤᠨ ᠴᠢᠮᠡᠭᠡ ᠶᠢ ᠨᠠᠮ᠎ᠠ ᠶᠢ  ᠬᠠᠮᠤᠭ ᠠᠴᠠ ᠢᠯᠡᠭᠦᠦ ᠰᠠᠨᠠᠵᠤ ᠬᠠᠶᠢᠷᠠᠯᠠᠳᠠᠭ ᠲᠡᠷᠡ ᠬᠤᠯᠠ ᠶᠢᠨ ᠲᠦᠩᠯᠢᠶᠣᠣ ᠳᠤ ᠪᠠᠶᠢᠭ᠎ᠠ ᠠᠪᠠᠭ᠎ᠠ ᠠᠪᠤ ᠳᠠᠭᠠᠨ ᠳᠤᠭᠤᠯᠭᠠᠬᠤ ᠪᠠᠷ ᠵᠣᠷᠢᠭ ᠰᠢᠭᠤᠳᠴᠤ ᠵᠠᠬᠢᠳᠠᠯ ᠪᠢᠴᠢᠵᠦ ᠢᠯᠡᠭᠡᠭᠰᠡᠨ ᠪᠢᠯᠡ᠃ ᠳᠡᠮᠡᠢ ᠬᠡᠳᠦᠨ ᠡᠳᠦᠷ ᠪᠣᠯᠣᠯ ᠦᠭᠡᠢ ᠪᠢ ᠠᠪᠠᠭ᠎ᠠ ᠶᠢᠨ ᠬᠠᠷᠢᠭᠤ ᠵᠠᠬᠢᠶ᠎ᠠ ᠶᠢ ᠲᠣᠰᠪᠠ᠃ ᠠᠪᠠᠭ᠎ᠠ ᠶᠢᠨ ᠵᠠᠬᠢᠶ᠎ᠠ ᠡᠩ ᠤᠨ ᠵᠠᠬᠢᠳᠠᠯ ᠯᠠ ᠪᠢᠰᠢ᠂ ᠬᠠᠷᠢᠨ ᠡᠵᠢ ᠶᠢᠨ ᠨᠠᠰᠤ ᠪᠠᠷᠠᠭᠰᠠᠨ ᠳᠤ ᠪᠢᠴᠢᠭᠰᠡᠨ ᠭᠠᠰᠢᠭᠤᠳᠠᠯ ᠤᠨ ᠦᠭᠡᠰ ᠠᠵᠢ᠃ ᠪᠢ ᠠᠵᠢᠯ ᠠᠴᠠ ᠪᠠᠭᠤᠬᠤ ᠴᠠᠭ ᠠᠴᠠ ᠡᠮᠦᠨ᠎ᠡ ᠰᠤᠷᠭᠠᠭᠤᠯᠢ ᠠᠴᠠ ᠭᠡᠷ ᠲᠡᠭᠡᠨ ᠬᠠᠷᠢᠵᠦ ᠳᠠᠬᠢᠨᠲᠠ ᠨᠢᠭᠡ ᠨᠢᠭᠡ ᠦᠰᠦᠭ ᠢᠶᠠᠷ ᠤᠩᠰᠢᠵᠤ ᠪᠡᠭᠲᠡᠷᠡᠨ ᠬᠠᠨᠲᠠᠯ᠎ᠠ ᠤᠭᠢᠯᠠᠪᠠ᠃ ᠲᠡᠷᠡ ᠣᠷᠣᠢ᠂ ᠪᠢ ᠠᠪᠠᠭ᠎ᠠ ᠶᠢᠨ ᠠᠪᠤ ᠳᠤ ᠭᠤᠪᠢᠭᠤᠯᠤᠭᠰᠠᠨ ᠮᠥᠩᠭᠦ ᠵᠣᠭᠤᠰ ᠢ ᠠᠪᠴᠤ ᠠᠷᠤ ᠭᠡᠷ ᠲᠡᠭᠡᠨ ᠳᠠᠪᠬᠢᠭᠤᠯᠤᠨ ᠬᠦᠷᠴᠣ ᠠᠪᠤ ᠪᠣᠯᠣᠨ ᠭᠡᠷ ᠤᠨ ᠪᠥᠬᠦ ᠬᠥᠮᠥᠰ ᠲᠡᠭᠡᠨ ᠠᠪᠠᠭ᠎ᠠ ᠵᠢᠨ‌ᠡᠨᠡᠬᠦ ᠶᠡᠷᠦ ᠪᠤᠰᠤ ᠶᠢᠨ ᠵᠠᠬᠢᠶ᠎ᠠ ᠶᠢ ᠪᠥᠬᠦ ᠤᠳᠬ᠎ᠠ ᠪᠠᠷ ᠨᠢ ᠤᠩᠰᠢᠵᠤ ᠥᠭᠪᠡ᠄
2.jpg
 ᠬᠠᠶᠢᠷᠠᠲᠤ ᠠᠴᠢ ᠬᠦᠪᠡᠬᠦᠨ ᠲᠠᠨ᠎ᠠ᠄      ᠢᠯᠡᠭᠡᠭᠰᠡᠨ ᠵᠠᠬᠢᠳᠠᠯ ᠢ ᠴᠢᠨᠢ ᠲᠠᠪᠣᠨ ᠰᠠᠷ᠎ᠠ ᠎ ᠶᠢᠨ ᠬᠤᠶᠠᠷᠠᠨ ᠳᠤ ᠬᠤᠷᠢᠶᠠᠨ ᠣᠯᠪᠠ᠃ ᠬᠤᠶᠠᠳᠣᠭᠠᠷ ᠪᠡᠷᠭᠡᠨ ᠤ ᠲᠦᠷᠭᠡᠨ ᠡᠪᠡᠳᠴᠢᠨ ᠢᠶᠠᠷ ᠨᠠᠰᠤ ᠪᠠᠷᠠᠭᠰᠠᠨ ᠢ ᠰᠣᠨᠣᠰᠣᠭᠠᠳ ᠲᠣᠩ ᠰᠣᠴᠢᠵᠤ ᠲᠤᠶᠢᠯ ᠢᠶᠠᠷ ᠭᠠᠰᠢᠭᠤᠳᠠᠨ ᠭᠡᠮᠣᠷᠴᠣ ᠪᠠᠶᠢᠨ᠎ᠠ᠃ ᠬᠤᠶᠠᠳᠣᠭᠠᠷ ᠪᠡᠷᠭᠡᠨ ᠤ ᠮᠢᠨᠢ ᠨᠠᠰᠤ ᠪᠠᠷᠠᠭᠰᠠᠨ ᠨᠢ ᠲᠠᠨᠠᠷ ᠤᠨ ᠵᠣᠯ ᠪᠣᠰᠣ ᠶᠠᠪᠣᠳᠠᠯ ᠪᠣᠯᠬᠤ ᠪᠠᠷ ᠦᠯᠦ ᠪᠠᠷᠠᠮ᠂ ᠮᠠᠨ ᠤ ᠪᠦᠬᠦ ᠭᠡᠷ ᠬᠤᠳᠠᠯᠠᠭᠠᠷ ᠰᠠᠳᠤᠨ ᠲᠥᠷᠥᠯ ᠤᠨ ᠠᠵᠨ ᠪᠣᠰᠣ ᠶᠠᠪᠣᠳᠠᠯ ᠪᠣᠯᠵᠠᠢ᠃ ᠪᠢ ᠣᠳᠠᠭ᠎ᠠ ᠪᠣᠯᠭᠠᠨ ᠭᠡᠷ ᠲᠤ ᠬᠠᠷᠢᠭᠠᠳ ᠪᠣᠴᠠᠵᠣ ᠢᠷᠡᠭᠦ ᠎ ᠳᠤ ᠨᠢᠭᠡ ᠠᠵᠨ ᠪᠣᠰᠣ ᠭᠡᠷᠡᠭ ᠣᠴᠢᠷ ᠭᠠᠷᠣᠭᠠᠳ ᠯᠨ ᠪᠠᠶᠢᠨ᠎ᠠ᠃  ᠣᠷᠴᠢᠮ ᠤᠨ ᠲᠦᠷᠪᠡᠨ ᠵᠢᠯ ᠤᠨ ᠲᠣᠳᠣᠷ᠎ᠠ᠂  ᠡᠷᠦᠭᠡ ᠭᠡᠷ ᠤᠨ ᠲᠣᠳᠣᠨᠣ ᠬᠦᠮᠦᠨ ᠠᠴᠠ ᠪᠡᠨ‌ᠵᠢᠯ ᠳᠤ ᠨᠢᠭᠡ ᠶᠢ ᠠᠯᠳᠠᠨ᠎ᠠ ᠭᠡᠭᠴᠢ ᠦᠨᠡᠭᠡᠷ ᠵᠢᠷᠦᠭᠡ ᠶᠢ ᠡᠪᠡᠳᠦᠭᠦᠯᠦᠨ᠎ᠡ᠂ ᠢᠯᠠᠩᠭᠤᠶ᠎ᠠ ᠡᠵᠢ ᠶᠢᠨ ᠴᠢᠨᠢ ᠨᠠᠰᠣ ᠪᠠᠷᠠᠭᠰᠠᠨ ᠶᠠᠪᠣᠳᠠᠯ ᠰᠡᠳᠬᠢᠯ ᠵᠢᠷᠦᠭᠡ ᠶᠢ  ᠮᠠᠰᠢ ᠡᠮᠵᠡᠭᠯᠡᠬᠦᠯᠵᠣ ᠪᠠᠶᠢᠨ᠎ᠠ᠃      ᠬᠤᠶᠠᠳᠣᠭᠠᠷ ᠪᠡᠷᠭᠡᠨ ᠮᠠᠨ ᠤ ᠭᠡᠷ ᠲᠤ ᠢᠷᠡᠭᠡᠳ ᠲᠦᠴᠢ ᠢᠯᠡᠬᠦᠦ ᠵᠢᠯ ᠪᠣᠯᠣᠭᠰᠠᠨ ᠬᠤᠭᠤᠴᠠᠭᠠᠨ ᠳᠤ᠂ ᠢᠮᠠᠭᠳᠠ ᠨᠠᠰᠣᠳᠠᠨ ᠢᠶᠠᠨ ᠬᠦᠨᠳᠦᠯᠡᠵᠣ᠂ ᠠᠬ᠎ᠠ ᠲᠡᠬᠦᠦ ᠨᠠᠷ ᠢᠶᠠᠨ ᠬᠠᠯᠠᠮᠵᠢᠯᠠᠵᠣ᠂ ᠨᠢᠯᠭ᠎ᠠ ᠦᠷᠡᠰ ᠢᠶᠠᠨ  ᠬᠠᠶᠢᠷᠠᠯᠠᠭᠰᠠᠭᠠᠷ ᠢᠷᠡᠭᠰᠡᠨ ᠶᠣᠮ᠃ ᠨᠠᠰᠣᠳᠠᠢ ᠠᠪᠤ ᠡᠵᠢ ᠶᠢ ᠮᠢᠨᠢ ᠠᠰᠠᠷᠠᠨ᠂ ᠦᠷ᠎ᠡ ᠵᠣᠯᠵᠠᠭ᠎ᠠ ᠪᠠᠨ ᠦᠰᠭᠡᠨ᠎ᠡ ᠭᠡᠳ ᠦᠨᠡᠭᠡᠷ ᠵᠢᠷᠦᠭᠡᠨ ᠴᠢᠰᠤ ᠪᠠᠨ ᠰᠢᠪᠬᠠᠵᠣ ᠵᠣᠪᠠᠯ ᠵᠦᠳᠡᠬᠦᠷᠢ ᠶᠢ ᠬᠠᠨᠲᠠᠯ᠎ᠠ ᠪᠠᠨ ᠠᠮᠰᠠᠵᠠᠢ᠃ ᠬᠤᠶᠠᠳᠣᠭᠠᠷ ᠪᠡᠷᠭᠡᠨ ᠮᠢᠨᠢ ᠬᠦᠮᠦᠰ ᠲᠤ ᠭᠡᠵᠢᠶᠡᠳᠡ ᠦᠨᠡᠨᠴᠢ  ᠬᠠᠯᠠᠭᠤᠮᠰᠤᠭ᠂ ᠠᠳᠠᠯ ᠶᠠᠪᠣᠳᠠᠯ ᠳᠤ ᠬᠢᠨᠠᠭᠤᠷ ᠭᠢᠴᠢᠶᠡᠩᠭᠦᠢ᠂  ᠠᠶᠢᠯ ᠵᠠᠭᠤᠷ᠎ᠠ ᠪᠠᠨ ᠡᠶ᠎ᠡ ᠨᠠᠶᠢᠷᠰᠠᠭ ᠰᠠᠶᠢᠬᠠᠨ ᠵᠠᠩ ᠲᠠᠢ ᠪᠠᠶᠢᠳᠠᠭ ᠶᠣᠮ᠃ ᠡᠵᠢ ᠴᠢᠨᠢ ᠬᠦᠴᠢᠷ ᠠᠴᠠ ᠠᠶᠣᠬᠤ ᠦᠭᠡᠢ ᠬᠦᠳᠡᠯᠮᠦᠷᠢ ᠳᠤ ᠲᠤᠷᠠᠳᠠᠢ ᠬᠦᠮᠦᠨ ᠶᠣᠮ ᠃ ᠲᠦᠴᠢ ᠢᠯᠡᠬᠦᠦ ᠵᠢᠯ ᠤᠨ ᠲᠣᠷᠰᠢ᠂ ᠮᠠᠨ ᠤ ᠡᠨᠡ ᠶᠡᠭᠡ ᠭᠡᠷ ᠪᠦᠯᠢ ᠎ ᠶᠢᠨ ᠡᠶ᠎ᠡ ᠨᠠᠶᠢᠷ ᠪᠣᠯᠣᠨ  ᠦᠷᠨᠢᠯ ᠪᠠᠳᠠᠷᠡᠯ ᠤᠨ ᠲᠦᠯᠦᠭᠡ ᠦᠯ ᠬᠤᠭᠤᠯᠨ ᠦᠭᠡᠢ ᠲᠡᠮᠡᠣᠯᠣᠨ ᠵᠢᠳᠭᠦᠵᠤ᠂ ᠨᠢᠭᠡ ᠴᠠᠭ ᠴᠦ ᠴᠠᠳᠳᠣᠯ᠎ᠠ  ᠢᠳᠡᠭᠰᠡᠨ ᠦᠭᠡᠢ᠂  ᠨᠢᠭᠡ ᠦᠳᠡᠰᠢ ᠴᠦ  ᠬᠠᠨᠲᠠᠯ᠎ᠠ ᠣᠨᠳᠠᠭᠰᠠᠨ ᠦᠬᠡᠢ᠂ ᠨᠢᠭᠡ ᠵᠠᠬ᠎ᠠ ᠴᠦ ᠰᠠᠶᠢᠨ ᠢ ᠡᠮᠣᠰᠣᠭ᠍ᠰᠡᠨ ᠦᠭᠡᠢ ᠶᠣᠮ᠃ ᠮᠠᠨ ᠤ ᠡᠨᠡ ᠭᠡᠷ ᠤᠨ ᠢᠶᠠᠨ ᠲᠦᠯᠦᠭᠡ ᠶᠠᠮᠠᠷ ᠴᠦ ᠶᠡᠭᠡ ᠬᠦᠴᠢᠷ ᠢ ᠴᠦᠮ ᠠᠮᠰᠠᠵᠣ᠂ ᠶᠠᠮᠠᠷ ᠴᠦ ᠬᠠᠳᠠᠭᠤ ᠦᠭᠡ ᠶᠢ ᠴᠦᠮ ᠰᠣᠨᠣᠰᠴᠠᠢ᠃ ᠡᠵᠢ ᠶᠢᠨ ᠴᠢᠨᠢ ᠡᠳᠡᠭᠡᠷ ᠰᠠᠶᠢᠬᠠᠨ ᠨᠠᠨᠳᠢᠨ ᠵᠠᠩ ᠰᠤᠷᠳᠠᠯ ᠨᠢ ᠪᠢᠳᠡᠨ ᠎ ᠤ ᠪᠦᠬᠦ ᠭᠡᠷ ᠤᠨ ᠬᠦᠮᠦᠰ ᠤᠨ  ᠭᠡᠵᠢᠶᠡᠳᠡ ᠲᠠᠭᠠᠨ ᠰᠤᠷᠤᠯᠴᠠᠭᠤᠰᠢᠳᠠᠢ ᠦᠯᠢᠭᠡᠷ ᠲᠠᠭᠤᠷᠢᠶᠡᠯ ᠪᠣᠯᠤᠨ᠎ᠡ ᠰᠢᠣ᠃ ᠶᠠᠭ ᠣᠴᠢᠷ ᠡᠶᠢᠮᠣ ᠶᠢᠨ ᠲᠣᠯᠠᠳᠠ᠂ ᠪᠢᠳᠡ ᠪᠦᠬᠦᠳᠡᠭᠡᠷ ᠦᠨᠢᠳᠡ ᠲᠣᠷᠠᠰᠣᠨ ᠰᠠᠨᠠᠭᠠᠯᠵᠠᠵᠣ ᠶᠠᠪᠣᠬᠤ ᠶᠣᠰᠣᠳᠠᠢ ᠶᠣᠮ᠃       ᠠᠴᠢᠯᠠᠯ ᠬᠦᠨᠳᠣᠳᠠᠢ ᠬᠤᠶᠠᠳᠣᠭᠠᠷ ᠪᠡᠷᠭᠡᠨ ᠢᠶᠠᠨ ᠲᠣᠶᠢᠯ ᠢᠶᠠᠷ ᠡᠮᠭᠡᠨᠢᠨ ᠭᠠᠰᠢᠭᠤᠳᠠᠵᠣ ᠪᠠᠶᠢᠨ᠎ᠠ︕        ᠡᠵᠢ ᠮᠢᠨᠢ ᠠᠮᠢᠳᠤ ᠰᠡᠷᠡᠬᠦᠨ ᠪᠠᠶᠢᠬᠤ ᠳᠠᠭᠠᠨ ᠨᠠᠮᠠᠢᠢ ᠳᠤ ︽ᠬᠤᠶᠠᠳᠣᠭᠠᠷ ᠪᠡᠷᠭᠡᠨ ᠢᠶᠠᠨ ᠪᠣᠣ ᠮᠠᠷᠳᠠ ᠰᠢᠣ︕︾ ᠭᠡᠮᠡᠨ ᠭᠡᠳᠤᠨᠳᠡ ᠵᠠᠬᠢᠵᠤ ᠰᠤᠷᠭᠠᠭᠰᠠᠨ ᠶᠣᠮ᠃ ᠭᠡᠳᠡᠯ᠎ᠠ ᠡᠳᠡᠭᠡᠷ ᠵᠢᠯ ᠤᠳ ᠲᠤ᠂ ᠪᠢ ᠬᠤᠶᠠᠳᠣᠭᠠᠷ ᠪᠡᠷᠭᠡᠨ ᠳᠡᠭᠡᠨ ᠨᠢᠭᠡ ᠵᠢᠭᠠᠬᠠᠨ ᠴᠦ ᠠᠴᠢ ᠬᠠᠷᠢᠭᠤᠯᠳᠡ ᠬᠦᠷᠭᠡᠭᠰᠡᠨ ᠦᠬᠡᠢ᠂ ᠲᠠᠯᠠᠷᠬᠠᠵᠤ ᠬᠦᠨᠳᠦᠯᠡᠭᠦ‍ ᠨᠢᠭᠡ ᠦᠭᠡ ᠴᠦ ᠭᠡᠯᠡᠭᠰᠡᠨ ᠦᠭᠡᠢ ᠶᠣᠮ᠂ ᠬᠤᠶᠠᠳᠣᠭᠠᠷ ᠪᠡᠷᠭᠡᠨ ᠳᠡᠭᠡᠨ ᠲᠠᠩᠴᠢ ᠣᠰᠣᠯᠳᠠᠵᠣ ᠶᠠᠪᠣᠵᠠᠢ᠃  ᠠᠴᠢᠳᠣ ᠪᠡᠷᠭᠡᠨ ᠮᠢᠨᠢ ᠶᠢᠰᠣᠨ ᠪᠣᠯᠠᠭ ᠤᠨ ᠲᠣᠣᠷ᠎ᠡ ᠪᠠᠨ ᠬᠦᠷᠦᠭᠡᠳ ᠮᠠᠭᠤ ᠲᠡᠭᠦᠦ ᠶᠢᠨ ᠢᠶᠠᠨ ᠣᠰᠣᠯ ᠴᠠᠯᠠᠭᠠᠶᠢᠷᠠᠯ ᠢ ᠠᠭᠤᠴᠢᠯᠡᠵᠤ ᠪᠠᠶᠢᠭᠠᠴᠢ ᠳ᠋ᠠ︕       ᠠᠴᠢ ᠬᠦᠪᠡᠭᠦᠨ ᠮᠢᠨᠢ ᠡ᠂ ᠡᠳᠦᠭᠡ ᠠᠪᠤ ᠴᠢᠨᠢ ᠵᠢᠴᠢ ᠲᠠ ᠪᠦᠬᠦᠳᠡ ᠶᠢᠨ ᠢᠶᠠᠨ ᠭᠠᠰᠢᠭᠤᠳᠠᠯ ᠭᠡᠩᠰᠡᠷᠡᠯ ᠳᠤ ᠣᠨᠠᠭᠠᠳ ᠵᠣᠪᠠᠨ ᠪᠡᠭᠲᠡᠷᠡᠵᠦ ᠪᠠᠶᠢᠭ᠎ᠠ ᠶᠢ ᠠᠪᠠᠭ᠎ᠠ ᠎ ᠨᠢ  ᠪᠢ ᠰᠠᠨᠠᠭ᠎ᠠ ᠪᠣᠳᠣᠯ ᠳᠠᠭᠠᠨ ᠲᠣᠪ ᠲᠣᠳᠣ ᠮᠡᠳᠡᠷᠡᠨ ᠦᠢᠯᠠᠭᠠᠵᠤ ᠪᠠᠶᠢᠨ᠎ᠠ᠃ ᠡᠷᠦᠭᠡ ᠭᠡᠷ ᠤᠨ ᠲᠣᠳᠣᠨᠣ ᠬᠦᠮᠦᠨ ᠠᠴᠠ ᠪᠠᠨ ᠰᠠᠯᠵᠤ ᠬᠠᠭᠠᠴᠠᠨ᠎ᠠ ᠭᠡᠭᠴᠢ ᠨᠦᠰᠡᠷ ᠬᠦᠨᠳᠣ ᠭᠤᠨᠢᠭ ᠲᠤ ᠣᠨᠠᠬᠤ ᠨᠢ  ᠶᠠᠷᠢᠶᠠᠨ ᠦᠬᠡᠢ᠂ ᠭᠡᠪᠡᠴᠤ ᠲᠠᠨᠠᠷ ᠎ ᠢᠶᠠᠨ ᠶᠠᠭᠠᠭᠢᠭᠰᠠᠨ ᠴᠦ ᠬᠠᠲᠠᠭᠤᠵᠢᠨ ᠲᠡᠰᠪᠦᠷᠢᠯᠡᠬᠦ ᠭᠡᠷᠡᠭᠳᠡᠢ ᠰᠢᠣ ᠭᠡᠵᠤ ᠬᠦᠰᠡᠨ ᠰᠠᠨᠠᠵᠤ ᠪᠠᠶᠢᠨ᠎ᠠ᠃ ᠲᠠᠨᠠᠷ ᠠᠮᠢᠳᠣᠷᠡᠯ ᠢᠶᠠᠨ ᠰᠠᠶᠢᠳᠣᠷ ᠲᠦᠪᠬᠢᠨᠡᠬᠦᠯᠵᠤ᠂ ᠦᠢᠯᠡᠳᠪᠦᠷᠢᠯᠡᠯ ᠢᠶᠠᠨ ᠰᠠᠶᠢᠳᠣᠷ ᠠᠳᠬᠤᠵᠤ᠂  ᠡᠷᠬᠢᠯᠡᠭᠰᠡᠨ ᠠᠵᠢᠯ ᠢᠶᠠᠨ ᠰᠠᠶᠢᠳᠣᠷ ᠬᠢᠬᠦ ᠭᠡᠷᠡᠭᠳᠡᠢ ᠰᠢᠣ᠃ ᠢᠯᠠᠩᠭᠤᠶ᠎ᠠ ᠠᠪᠤ ᠴᠢᠨᠢ ᠪᠡᠶ᠎ᠡ ᠪᠠᠨ ᠢᠯᠡᠬᠦᠦ ᠬᠢᠴᠢᠶᠠᠨ ᠭᠠᠮᠨᠠᠵᠤ ᠠᠵᠢᠯ ᠬᠦᠳᠡᠯᠮᠦᠷᠢ ᠶᠢ ᠪᠡᠶ᠎ᠡ ᠶᠢᠨ ᠲᠠᠭ᠎ᠠ ᠪᠠᠷ ᠢᠶᠠᠨ ᠪᠠᠭ᠎ᠠ ᠬᠢᠵᠤ᠂ ᠠᠷᠢᠬᠢ ᠶᠢ ᠭᠡᠮᠵᠢᠶ᠎ᠡ ᠲᠠᠢ ᠵᠢᠭᠠᠬᠠᠨ ᠣᠣᠭᠤᠭᠠᠴᠢ ᠳ᠋ᠠ᠃ ᠦᠶ᠎ᠡ ᠶᠢᠨ ᠬᠦᠮᠦᠰ ᠲᠠᠢ ᠪᠠᠨ ᠢᠯᠡᠬᠦᠭᠡᠨ ᠣᠴᠠᠷᠠᠨ ᠵᠣᠭᠤᠭᠳᠠᠵᠤ ᠭᠠᠭᠴᠠᠭᠠᠷ ᠢᠶᠠᠨ ᠪᠢᠳᠡᠭᠡᠢ ᠬᠤᠷᠢᠭᠳᠠᠵᠣ ᠰᠠᠭᠤᠭᠠᠷᠠᠢ︕ ᠡᠳᠡᠭᠡᠷ ᠪᠣᠯ ᠮᠢᠨᠣ ᠲᠠᠨᠠᠷ ᠲᠠᠭᠠᠨ ᠰᠠᠨᠠᠭᠤᠯᠵᠣ ᠨᠠᠶᠢᠳᠠᠬᠤ ᠵᠦᠢᠯ ᠪᠣᠯᠣᠨ᠎ᠠ᠃       ᠪᠢᠳᠡ ᠠᠳᠡ ᠪᠠᠨ ᠪᠦᠷ ᠰᠠᠶᠢᠬᠠᠨ ᠪᠣᠢ᠂ ᠭᠤᠷᠪᠠᠨ ᠰᠠᠷ᠎ᠠ ᠶᠢᠨ ᠬᠤᠷᠢᠨ ᠲᠦᠷᠪᠡᠨ ᠳᠤ ᠵᠢᠶᠠᠨ ᠬᠤᠸᠠ ᠶᠢᠨ ᠬᠤᠷᠢᠮ ᠢ ᠬᠢᠵᠠᠢ᠃ ᠴᠠᠭ ᠠᠭᠤᠷ ᠤᠨ ᠲᠣᠪᠴᠢᠶ᠎ᠠ ᠳᠠᠭᠠᠨ ᠨᠢᠭᠡ ᠲᠠᠰᠣᠯᠭ᠎ᠠ ᠪᠠᠶᠢᠷᠢ ᠣᠯᠵᠣ ᠲᠣᠯᠭ᠎ᠠ ᠪᠠᠨ ᠪᠣᠰᠬᠠᠪᠠ᠃       ᠡᠬᠦᠨ ᠤ ᠲᠣᠯᠨ         ᠢᠯᠡᠭᠡᠪᠡ                        ᠠᠪᠠᠭ᠎ᠠ ᠴᠢᠨᠢ ᠰᠠᠭᠰᠠᠭᠠᠷ                                         1985 ᠣᠨ ᠤ 5 ᠰᠠᠷ᠎ᠠ ᠶᠢᠨ 7᠎ ᠤ ᠡᠳᠦᠷ             ᠪᠦᠲᠦᠨ ᠳᠥᠴᠢᠨ ᠵᠢᠯ᠂ ᠪᠤᠷᠬᠠᠨ ᠲᠩᠷᠢ ᠳᠡᠭᠡᠨ ᠬᠠᠯᠢᠭᠰᠠᠨ ᠡᠨᠡᠷᠢᠯ ᠤᠨ ᠳᠠᠭᠢᠨᠢ ᠡᠵᠢ ᠮᠢᠨᠢ ᠬᠦᠦ ᠮᠢᠨᠤᠬᠢ ᠪᠠᠨ ᠰᠡᠳᠬᠢᠯ ᠵᠢᠷᠦᠬᠡᠨ ᠳᠤ ᠨᠠᠷᠠ ᠪᠣᠯᠣᠨ ᠮᠥᠩᠬᠡᠵᠢᠵᠦ᠂  ᠠᠯᠠᠭᠠᠨ ᠳᠤ ᠳᠡᠯᠭᠡᠭᠳᠡᠵᠦ ᠠᠪᠳᠠᠷ᠎ᠠ ᠳᠤ ᠬᠠᠳᠠᠭᠠᠯᠠᠭᠳᠠᠭᠰᠠᠨ ᠠᠪᠠᠭ᠎ᠠ ᠶᠢᠨ ᠵᠠᠬᠢᠶ᠎ᠠ ᠰᠢᠵᠢᠷ ᠠᠯᠲᠠᠨ ᠦᠰᠦᠭ ᠲᠠᠢ ᠬᠥᠰᠢᠶ᠎ᠡ ᠪᠣᠯᠵᠤ ᠰᠦᠨᠳᠡᠷᠯᠡᠪᠡ᠃ ᠮᠢᠨᠣ ᠠᠪᠠᠭ᠎ᠠ ᠰᠢᠷ᠎ᠠ ᠯᠤᠤ ᠵᠢᠯ ᠲᠠᠢ ᠶᠤᠮ᠂ ᠠᠷᠪᠠ ᠶᠣᠰᠣᠲᠠᠢ ᠳᠤ ᠪᠠᠨ ᠦᠪᠦᠷ ᠮᠣᠩᠭᠤᠯ ᠤᠨ ᠠᠷᠡᠳ ᠤᠨ ᠦᠪᠡᠷ ᠢ ᠪᠠᠨ ᠬᠠᠮᠠᠭᠠᠯᠠᠬᠤ ᠮᠣᠷᠢᠳᠣ ᠴᠡᠷᠢᠭ  ᠲᠤ ᠮᠣᠷᠳᠠᠵᠤ᠂ ᠲᠦᠷᠪᠡᠳᠦᠭᠡᠷ ᠳ᠋ᠢᠸᠢᠽᠢ ᠶᠢᠨ ᠭᠤᠴᠢᠨ ᠲᠦᠷᠪᠡᠳᠦᠭᠡᠷ ᠬᠤᠷᠢᠶ᠎ᠠ ᠳᠤ ᠪᠠᠶᠢᠯᠳᠣᠭᠴᠢ ᠪᠣᠯᠪᠠ᠃  ᠳᠠᠷᠠᠭ᠎ᠠ ᠵᠢᠯ ᠨᠢ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠲᠡᠭᠡᠳᠣ ᠰᠣᠷᠭᠠᠭᠤᠯᠢ ᠶᠢᠨ ᠮᠣᠩᠭᠤᠯ ᠬᠢᠳᠡᠳ ᠬᠤᠯᠪᠣᠭᠠᠳᠣ ᠴᠡᠷᠢᠭ ᠤᠨ ᠵᠢᠭᠠᠨ ᠵᠢᠯᠣᠭᠤᠳᠬᠤ ᠠᠩᠬᠢ ᠳᠤ ᠰᠣᠷᠣᠯᠴᠠᠵᠣ ᠪᠠᠶᠢᠬᠤ ᠬᠤᠭᠤᠴᠠᠭᠠᠨ ᠳᠠᠭᠠᠨ ᠢᠷᠡᠭᠤ ᠠᠯᠳᠡᠷᠳᠠᠢ ᠪᠠᠷ ᠲᠣᠮᠳᠠᠳᠣ ᠣᠯᠣᠰ ᠤᠨ ᠡᠪ ᠬᠠᠮᠳᠣ ᠨᠠᠮ ᠳᠤ ᠡᠯᠰᠡᠭᠳᠡᠪᠡ᠃ ᠨᠤᠲᠤᠭ ᠤᠨ ᠳᠡᠭᠡᠷᠡᠮ᠂ ᠭᠤᠮᠢᠨᠳᠠᠩ ᠤᠨ ᠦᠯᠡᠳᠡᠭᠳᠡᠯ ᠢ ᠤᠰᠠᠳᠬᠠᠬᠤ ᠲᠡᠶᠢᠨ ᠪᠠᠶᠢᠯᠳᠤᠭᠠᠨ ᠳᠤ ᠣᠯᠠᠨᠲᠠ ᠣᠷᠣᠯᠴᠠᠵᠤ ᠭᠠᠪᠢᠶ᠎ᠠ ᠪᠠᠶᠢᠭᠤᠯᠤᠨ᠂ ᠤᠷᠢᠳ ᠬᠤᠵᠢᠳ ᠲᠠᠰᠤᠭ ᠤᠨ ᠲᠠᠷᠤᠭ᠎ᠠ᠂ ᠰᠠᠯᠠᠭᠠᠨ ᠳᠠᠷᠤᠭ᠎ᠠ᠂ ᠲᠡᠳ᠋  ᠰᠣᠮᠣᠨ ᠲᠠᠷᠤᠭ᠎ᠠ ᠶᠢᠨ ᠲᠤᠰᠢᠶᠠᠯ ᠳᠤ ᠳᠠᠪᠰᠢᠵᠤ ᠂ ᠪᠥᠬᠦ ᠤᠯᠤᠰ ᠴᠢᠯᠦᠭᠡᠯᠡᠭᠳᠡᠭᠰᠡᠨ ᠤ ᠳᠠᠷᠠᠭ᠎ᠠ᠂ ᠡᠮᠦᠨ᠎ᠡ ᠬᠤᠶᠢᠨ᠎ᠠ ᠬᠢᠩᠭᠠᠨ ᠴᠡᠷᠢᠭ ᠤᠨ ᠬᠤᠪᠢᠶᠠᠷᠢ ᠲᠣᠭᠤᠷᠢᠭ ᠤᠨ  ᠲᠣᠰᠠᠭᠠᠷ ᠬᠤᠷᠢᠶ᠎ᠠ ᠳᠤ ᠰᠠᠯᠠᠭᠠᠨ ᠲᠠᠷᠤᠭ᠎ᠠ ᠶᠢᠨ ᠲᠣᠰᠢᠶᠠᠯ ᠢ  ᠬᠠᠷᠢᠭᠤᠴᠠᠨ᠂ ᠬᠤᠷᠴᠢᠨ ᠵᠡᠬᠦᠨ ᠭᠠᠷᠣᠨ ᠲᠣᠮᠳᠠᠳᠣ ᠬᠤᠰᠢᠭᠤᠨ ᠤ ᠠᠷᠠᠳ ᠤᠨ ᠵᠡᠪᠰᠡᠭᠳᠣ ᠬᠦᠴᠦᠨ ᠤ ᠬᠡᠯᠳᠡᠰ ᠲᠤ ᠠᠵᠢᠯᠯᠠᠭᠴᠢ᠂  ᠰᠠᠯᠠᠭᠠᠨ ᠲᠠᠷᠤᠭ᠎ᠠ ᠶᠢᠨ ᠲᠣᠰᠢᠶᠠᠯ  ᠢ ᠡᠭᠦᠷᠭᠡᠯᠡᠵᠦ᠂ ᠲᠠᠪᠢᠭᠠᠳ ᠣᠨ ᠤ ᠰᠡᠭᠦᠯᠴᠢ ᠪᠠᠷ ᠥᠪᠥᠷ ᠮᠣᠩᠭᠤᠯ ᠤᠨ ᠴᠡᠷᠢᠭ ᠤᠨ ᠲᠣᠭᠤᠷᠢᠭ ᠤᠨ ᠵᠢᠷᠢᠮ ᠴᠡᠷᠢᠭ ᠤᠨ ᠬᠤᠪᠢᠶᠠᠷᠢ ᠲᠣᠭᠤᠷᠢᠭ ᠤᠨ ᠠᠮᠣᠷ ᠢ ᠬᠠᠮᠠᠭᠠᠯᠠᠬᠤ ᠰᠠᠯᠠᠭ᠎ᠠ ᠂ ᠣᠯᠣᠰ ᠲᠦᠷᠦ ᠶᠢᠨ ᠬᠡᠯᠳᠡᠰ ᠤᠨ ᠠᠵᠢᠯᠯᠠᠭᠴᠢ᠂ ᠲᠡᠳ᠋ ᠰᠠᠯᠠᠭᠠᠨ ᠲᠠᠷᠤᠭ᠎ᠠ᠂  ᠵᠣᠬᠢᠶᠠᠨ ᠪᠠᠶᠢᠭᠤᠯᠬᠤ ᠰᠠᠯᠠᠭ᠎ᠠ ᠶᠢᠨ ᠰᠠᠯᠠᠭᠠᠨ ᠲᠠᠷᠤᠭ᠎ᠠ ᠎ ᠶᠢᠨ ᠲᠣᠰᠢᠶᠠᠯ ᠢ ᠬᠠᠷᠢᠭᠤᠴᠠᠪᠠ᠃ ᠠᠪᠠᠭ᠎ᠠ ᠴᠡᠷᠢᠭ ᠲᠤ ᠣᠷᠣᠭᠰᠠᠨ ᠤ ᠪᠠᠨ ᠳᠠᠷᠠᠭ᠎ᠠ ᠵᠢᠯ ᠨᠢ ᠬᠤᠷᠢᠮᠯᠠᠵᠤ᠂  ᠠᠷᠪᠠᠨ ᠵᠢᠯ ᠤᠨ ᠬᠢᠨᠢ ᠳᠠᠷᠠᠭ᠎ᠠ᠂ ᠠᠪᠠᠭ᠎ᠠ ᠡᠵᠢ ᠶᠢ ᠪᠣᠯᠣᠨ ᠶᠡᠭᠡ ᠬᠦᠦ ᠪᠠᠨ ᠡᠪᠦᠭᠡ ᠡᠮᠡᠭᠡ ᠶᠢᠨ ᠳᠡᠷᠭᠡᠲᠡ ᠠᠴᠠ ᠲᠦᠩᠯᠢᠶᠣᠣ ᠳᠤ ᠲᠣᠰᠣᠨ ᠠᠪᠠᠴᠢᠵᠤ ᠥᠪᠡᠷ ᠢᠶᠠᠨ ᠲᠣᠭᠲᠠᠭᠰᠠᠨ ᠭᠡᠷ ᠣᠷᠣᠨ ᠲᠠᠢ ᠪᠣᠯᠵᠤ ᠰᠠᠭᠤᠷᠢᠰᠢᠵᠠᠢ᠃ ᠳᠦᠷᠡᠯᠵᠡᠵᠦ ᠨᠣᠴᠣᠭᠰᠠᠨ ᠳᠥᠴᠢ ᠶᠢ ᠰᠠᠶ᠋ᠢᠬᠠᠨ ᠭᠠᠷᠴᠤ  ᠳᠤᠬᠠᠶᠢᠯᠠᠭᠰᠨ ᠠᠵᠢᠯ ᠳᠠᠭᠠᠨ ᠴᠠᠭᠠᠷᠠᠵᠤ᠂ ᠴᠡᠷᠢᠭ ᠤᠨ ᠬᠤᠸᠠᠷᠠᠨ ᠳᠠᠭᠠᠨ ᠭᠢᠯᠠᠷᠠᠭᠤᠯᠵᠤ ᠪᠠᠶᠢᠭᠰᠠᠨ ᠰᠢᠵᠢᠷ ᠰᠠᠶᠢᠬᠠᠨ ᠨᠠᠰᠤᠨ ᠳᠠᠭᠠᠨ ᠬᠥᠷᠥᠭᠡᠳ᠂  ᠮᠢᠨᠤ ᠠᠪᠠᠭ᠎ᠠ ᠠᠲᠠᠭ᠎ᠠ ᠵᠢᠲᠥᠭᠡ ᠮᠠᠭᠤ ᠰᠠᠨᠠᠭ᠎ᠠ ᠲᠠᠢ ᠬᠥᠮᠥᠰ ᠤᠨ ᠬᠤᠣᠷᠯᠠᠯ ᠳᠤ ᠤᠴᠠᠷᠠᠵᠤ ᠬᠢᠯᠢᠰ ᠭᠦᠵᠢᠷ ᠨᠡᠷ᠎ᠡ ᠵᠡᠬᠦᠵᠣ᠂ ᠲᠣᠰᠠᠭᠠᠷᠯᠠᠨ ᠬᠤᠷᠢᠭᠳᠠᠵᠣ ᠴᠣᠬᠢᠵᠣ ᠡᠷᠡᠬᠦᠦ ᠲᠣᠯᠭᠠᠬᠤ ᠬᠠᠯᠨ ᠲᠠᠮᠣ ᠠᠮᠰᠠᠵᠣ᠂ ᠵᠡᠬᠦᠨ ᠭᠠᠷ ᠢᠶᠠᠨ ᠬᠤᠭᠤ ᠮᠣᠰᠬᠢᠭᠤᠯᠵᠣ ᠵᠡᠮᠳᠡᠭ ᠪᠣᠯᠪᠠ᠃  ᠬᠠᠷ᠎ᠠ ᠬᠤᠯᠤᠭᠠᠨ᠎ᠠ ᠵᠢᠯ  ︵1972 ᠣᠨ︶᠎ ᠤᠨ ᠵᠣᠨ᠂ ᠠᠪᠠᠭ᠎ᠠ ᠮᠢᠨᠢ  ᠦᠨᠡᠨ ᠵᠥᠪ ᠢᠶᠠᠨ ᠣᠯᠵᠤ  ᠴᠢᠯᠦᠭᠡᠯᠡᠭᠳᠡᠨ᠂ ᠠᠵᠢᠯ ᠢᠶᠠᠨ  ᠰᠡᠷᠭᠦᠭᠡᠭᠡᠳ ᠠᠷᠤ ᠭᠡᠷ ᠲᠡᠭᠡᠨ ᠢᠷᠡᠵᠦ᠂ ᠡᠪᠦᠭᠡ ᠡᠮᠡᠭᠡ ᠪᠢᠳᠠᠨ ᠲᠠᠢ ᠬᠠᠮᠲᠤ ᠰᠠᠷ᠎ᠠ ᠰᠢᠬᠠᠮ ᠪᠡᠶ᠎ᠡ ᠰᠤᠪᠢᠯᠠᠨ ᠰᠠᠭᠤᠵᠤ᠂ ᠳᠠᠬᠢᠷ ᠪᠣᠯᠣᠭᠰᠠᠨ ᠭᠠᠷ ᠢᠶᠠᠨ ᠵᠠᠰᠠᠭᠤᠯᠵᠤ ᠪᠠᠶᠢᠭᠰᠠᠨ ᠢ ᠨᠢ ᠴᠡᠭᠡᠵᠢᠯᠡᠵᠦ ᠪᠠᠶᠢᠨ᠎ᠠ᠃ ᠠᠪᠤ  ᠬᠤᠯᠠ ᠶᠢᠨ ᠨᠠᠷᠠᠲᠠᠢ ᠪᠠᠷᠢᠶᠠᠴᠢ ᠶᠢ ᠦᠬᠡᠷ ᠲᠡᠷᠭᠡ ᠪᠠᠷ ᠢᠶᠠᠨ ᠵᠠᠯᠠᠵᠤ ᠠᠪᠴᠢᠷᠠᠨ ᠠᠪᠠᠭ᠎ᠠ ᠶᠢᠨ ᠭᠠᠷ ᠢ ᠪᠠᠷᠢᠭᠤᠯᠤᠨ ᠬᠤᠨᠢ ᠵᠠᠷᠤᠵᠤ ᠰᠡᠪᠰᠡᠯᠭᠡ ᠵᠠᠰᠠᠯ ᠬᠢᠯᠭᠡᠪᠡ᠃  ᠨᠢᠭᠡᠨ ᠦᠶ᠎ᠡ ᠬᠥᠯ ᠨᠢᠷᠤᠭᠤ ᠨᠢ ᠡᠪᠡᠳᠴᠦ ᠦᠨᠢᠶ᠎ᠡ ᠰᠠᠭᠠᠬᠤ ᠳᠠᠭᠠᠨ ᠴᠤ ᠬᠦᠴᠢᠷᠳᠡᠬᠦ ᠪᠣᠯᠵᠤ᠂ ᠨᠠᠰᠤᠨ ᠠᠴᠠ ᠪᠠᠨ ᠡᠷᠲᠡ ᠪᠤᠭᠤᠷᠤᠯᠲᠤᠵᠤ ᠮᠠᠶᠢᠵᠢᠭᠢ ᠪᠣᠯᠣᠭᠰᠠᠨ ᠡᠵᠢ ᠮᠢᠨᠢ ᠭᠠᠯ ᠲᠣᠭᠤᠭ᠎ᠠ᠂ ᠭᠡᠶᠢᠴᠢᠨ ᠵᠣᠴᠢᠨ ᠭᠡᠳ ᠬᠥᠯᠥᠰᠦ ᠪᠠᠨ ᠤᠷᠤᠰᠬᠠᠨ ᠭᠦᠶᠦᠵᠦ᠂ ᠳᠡᠭᠦᠦ ᠎ ᠶᠢᠨ ᠢᠶᠠᠨ ᠢᠳᠡᠰᠢ ᠤᠤᠭᠤᠰᠢ ᠶᠢ ᠨᠢ ᠠᠰᠲᠠᠭᠠᠨ ᠪᠠᠵᠠᠭᠠᠵᠤ ᠂ ᠡᠮ ᠲᠠᠩ ᠢ ᠨᠢ ᠴᠢᠨᠠᠵᠤ ᠥᠭᠭᠦᠨ᠂ ᠬᠤᠪᠴᠠᠰᠤ ᠬᠤᠨᠠᠷ ᠢ ᠨᠢ ᠣᠭᠢᠶᠠᠵᠣ ᠴᠡᠪᠡᠷᠯᠡᠳᠡᠭ ᠪᠠᠶᠢᠭᠰᠠᠨ ᠶᠤᠮ᠃ ᠬᠡᠳᠦᠨ ᠤᠳᠠᠭ᠎ᠠ  ᠶᠢᠨ ᠠᠪᠠᠭ᠎ᠠ ᠶᠢᠨ ᠪᠠᠷᠢᠶ᠎ᠠ ᠵᠠᠰᠠᠯ ᠶᠡᠬᠡᠯ᠎ᠡ ᠲᠣᠬᠢᠷᠠᠵᠤ ᠵᠡᠭᠦᠨ ᠲᠣᠬᠤᠢ ᠨᠢ ᠨᠡᠯᠢᠶᠡᠳ ᠮᠤᠷᠤᠶᠢᠵᠤ ᠵᠢᠭᠢᠵᠣ ᠪᠣᠯᠬᠤ ᠪᠣᠯᠵᠤ ᠪᠤᠳᠠᠭᠠᠨ ᠠᠶᠠᠭ᠎ᠠ ᠪᠠᠨ ᠪᠠᠷᠢᠵᠤ ᠳᠡᠶᠢᠯᠬᠦ ᠪᠣᠯᠣᠭᠠᠳ ᠴᠡᠷᠢᠭ ᠠᠩᠬᠢ ᠳᠠᠭᠠᠨ ᠪᠤᠴᠠᠭᠰᠠᠨ ᠶᠤᠮ᠃ 1982 ᠤᠨ ᠳᠤ᠂ ᠵᠢᠩᠬᠢᠨᠢ ᠬᠤᠷᠢᠶᠠᠨ ᠲᠡᠰ ᠤᠨ ᠲᠣᠰᠢᠶᠠᠯ  ᠤᠨ ᠬᠦᠷᠲᠡᠭᠡᠮᠵᠢ ᠲᠠᠢ ᠴᠡᠷᠢᠭ ᠠᠴᠠ ᠪᠠᠨ ᠲᠠᠷᠬᠠᠯᠠᠭᠳᠠᠨ ᠠᠮᠠᠷᠠᠯᠳᠠ ᠠᠪᠴᠣ᠂ ᠳᠥᠷᠪᠡᠨ ᠬᠦᠦ ᠬᠡᠣᠬᠡᠨ ᠢᠶᠠᠨ ᠪᠦᠷ ᠠᠶᠢᠯ ᠭᠡᠷ ᠪᠣᠯᠭᠠᠵᠦ ᠦᠷ᠎ᠡ ᠶᠢᠨ ᠢᠶᠠᠨ ᠦᠷ᠎ᠡ ᠶᠢ ᠦᠵᠡᠨ᠂ ᠦᠳᠡᠯᠦᠬᠡ ᠨᠠᠰᠣᠨ ᠤ ᠵᠣᠯ ᠵᠢᠷᠭᠠᠯ ᠢᠶᠠᠨ  ᠡᠳ᠋ᠯᠡᠪᠡ᠃ ︽ᠠᠪᠤ ᠪᠠᠨ ᠰᠠᠨᠠᠪᠠᠯ ᠠᠪᠠᠭ᠎ᠠ ᠪᠠᠨ︾ ᠭᠡᠳᠡᠭᠴᠢᠯᠡᠨ᠂ ᠵᠢᠢ— ᠲᠦᠩ ᠲᠡᠮᠦᠷ ᠵᠠᠮ ᠨᠡᠪᠲᠡᠷᠡᠭᠰᠡᠨ ᠠᠴᠠ ᠰᠡᠭᠦᠯᠡᠷ᠂ ᠪᠢ ᠵᠢᠯ ᠪᠣᠯᠭᠠᠨ ᠨᠢᠭᠡ ᠬᠤᠶᠠᠷ ᠤᠳᠠᠭ᠎ᠠ  ᠲᠦᠩᠯᠢᠶᠣᠣ ᠳᠤ ᠬᠦᠷᠴᠦ ᠠᠪᠠᠭ᠎ᠠ ᠪᠠᠨ ᠡᠷᠭᠢᠵᠦ ᠦᠵᠡᠳᠡᠭ ᠶᠤᠮ᠃ ᠨᠤᠲᠤᠭ ᠤᠰᠤ ᠠᠶᠢᠯ ᠭᠡᠷ ᠰᠠᠳᠤᠨ ᠲᠥᠷᠥᠯ ᠠᠵᠢᠯ ᠠᠮᠢᠳᠤᠷᠠᠯ ᠤᠨ ᠵᠣᠭᠤᠭ ᠳᠡᠯᠭᠡᠬᠦ ᠳᠤ ᠠᠪᠠᠭ᠎ᠠ ᠶᠢᠨ ᠮᠢᠨᠢ ᠣᠮᠣᠭᠰᠢᠨ ᠪᠠᠶᠠᠰᠴᠦ ᠬᠡᠯᠡᠳᠡᠭ ᠦᠭᠡ ᠶᠢᠨ ᠳᠤᠮᠳᠠ ᠨᠢ ︽ᠡᠴᠢᠨᠡᠨ ᠵᠢᠯ ᠤᠨ ᠲᠤᠷᠰᠢ᠂ ᠮᠢᠨᠤ ᠠᠷᠤ ᠭᠡᠷ ᠠᠪᠤ ᠡᠵᠢ ᠶᠢ ᠣᠷᠬᠢᠵᠤ ᠰᠠᠨᠠᠭ᠎ᠠ ᠠᠮᠤᠷ ᠠᠵᠢᠯᠯᠠᠨ ᠵᠢᠳᠭᠦᠵᠣ ᠠᠵᠤ ᠲᠥᠷᠥᠵᠦ ᠢᠷᠡᠭᠰᠡᠨ ᠤ ᠰᠠᠶᠢᠨ ᠨᠢ ᠪᠦᠷ ᠴᠤ ᠠᠬ᠎ᠠ ᠪᠡᠷᠭᠡᠨ ᠤ ᠠᠴᠢ ᠶᠤᠮ ᠰᠢᠤ︕︾ ᠭᠡᠵᠦ ᠶᠠᠷᠢᠳᠠᠭ ᠨᠢ ᠵᠥᠩᠳᠡᠭᠡᠨ᠃ ᠶᠢᠰᠦᠨ ᠵᠢᠯ ᠤᠨ ᠡᠮᠦᠨᠡᠬᠢ ᠬᠠᠩᠰᠢ ᠶᠢᠨ ᠳᠠᠷᠠᠭᠠᠬᠠᠨ᠂ ᠡᠬᠡ ᠣᠷᠣᠨ ᠤ ᠪᠠᠨ ᠴᠢᠯᠦᠭᠡᠯᠡᠯᠲᠡ ᠪᠣᠯᠣᠨ ᠴᠡᠴᠡᠭᠯᠡᠨ ᠬᠥᠭᠵᠢᠯᠲᠡ ᠶᠢᠨ ᠲᠥᠯᠥᠭᠡ ᠠᠮᠢ ᠪᠡᠶ᠎ᠡ ᠪᠠᠨ ᠴᠦᠯᠡᠨ ᠪᠠᠶᠢᠯᠳᠤᠨ ᠲᠡᠮᠡᠴᠡᠵᠦ᠂ ᠢᠮᠠᠭᠲᠠ ᠨᠠᠮ ᠲᠥᠷᠥ᠂ ᠠᠷᠠᠳ ᠲᠦᠮᠡᠨ ᠢᠶᠠᠨ ᠭᠡᠰᠡᠨ ᠦᠨᠡᠨᠴᠢ ᠰᠢᠳᠤᠷᠭᠤ ᠴᠣᠬᠢᠯᠠᠵᠤ ᠶᠠᠪᠤᠭᠰᠠᠨ ᠮᠢᠨᠤ ᠬᠦᠨᠳᠦᠲᠦ ᠬᠠᠶᠢᠷᠠᠲᠤ ᠴᠢᠯᠦᠭᠡᠯᠡᠬᠦ ᠴᠡᠷᠢᠭ ᠠᠪᠠᠭ᠎ᠠ ᠶᠢᠨ ᠮᠢᠨᠢ ᠤᠯᠠᠭᠠᠨ ᠵᠢᠷᠦᠬᠡ ᠨᠢ ᠥᠨᠢᠳᠡ ᠵᠣᠭᠰᠣᠵᠤ᠂ ᠦᠷ᠎ᠡ ᠬᠡᠣᠬᠡᠳ ᠪᠢᠳᠡᠨ ᠳᠡᠭᠡᠨ ᠡᠭᠦᠷᠢᠳᠡ ᠶᠢᠨ ᠭᠤᠨᠢᠭ  ᠮᠥᠷᠥᠭᠡᠳᠦᠯ ᠢ ᠦᠯᠡᠳᠡᠭᠡᠵᠦ ᠲᠦᠩᠯᠢᠶᠣᠣ ᠬᠤᠲᠠᠨ᠎ᠠ ᠨᠠᠶᠠ ᠶᠢᠰᠦᠲᠡᠢ ᠨᠠᠰᠤ ᠪᠠᠷᠠᠪᠠ᠃
3.jpg
      ᠠᠯᠠᠭ ᠮᠢᠬᠠᠨ ᠤ ᠲᠠᠰᠤᠷᠬᠠᠢ ᠠᠯᠲᠠᠨ ᠶᠠᠰᠤᠨ ᠤ ᠬᠡᠯᠲᠡᠷᠬᠡᠢ ᠦᠷ᠎ᠡ ᠨᠢ ᠪᠣᠯᠣᠭᠰᠠᠨ ᠨᠠᠳᠠ ᠳᠤ ᠠᠪᠴᠤ ᠬᠡᠯᠡᠪᠡᠯ᠂ ᠳᠥᠴᠢᠨ ᠵᠢᠯ ᠤᠨ ᠡᠮᠦᠨᠡᠬᠢ ᠠᠪᠠᠭ᠎ᠠ ᠶᠢᠨ ᠮᠢᠨᠢ ᠵᠠᠬᠢᠶ᠎ᠠ ᠡᠩ ᠤᠨ ᠨᠢᠭᠡᠨ ᠵᠠᠬᠢᠳᠠᠯ ᠯᠠ ᠪᠢᠰᠢ᠂ ᠬᠠᠷᠢᠨ ᠡᠩᠭᠡᠷ ᠳᠦᠭᠦᠷᠡᠩ ᠭᠠᠪᠢᠶᠠᠨ ᠲᠡᠮᠳᠡᠭ ᠲᠠᠢ ᠠᠪᠠᠭ᠎ᠠ ᠠᠪᠤ ᠎ ᠠᠴᠠ ᠡᠵᠢ ᠳᠤ ᠮᠢᠨᠢ ᠱᠠᠩᠨᠠᠭᠰᠠᠨ ᠬᠠᠮᠤᠭ ᠤᠨ ᠬᠦᠨᠳᠦ᠂ ᠬᠠᠮᠤᠭ ᠤᠨ ᠨᠠᠨᠳᠢᠨ ᠭᠠᠪᠢᠶᠠᠨ ᠪᠢᠴᠢᠭ  ᠶᠤᠮ︔᠎  ᠠᠪᠠᠭ᠎ᠠ ᠶᠢᠨ ᠮᠢᠨᠢ ᠵᠠᠬᠢᠶ᠎ᠠ ᠡᠩ ᠤᠨ ᠨᠢᠭᠡᠨ ᠵᠠᠬᠢᠳᠠᠯ ᠯᠠ ᠪᠢᠰᠢ᠂ ᠬᠠᠷᠢᠨ ᠠᠴᠢᠯᠠᠯ ᠳᠡᠭᠦᠴᠢᠯᠡᠯ ᠤᠨ ᠶᠣᠰᠣᠨ ᠢ ᠡᠷᠬᠢᠮᠯᠡᠳᠡᠭ ᠮᠠᠨ ᠤ ᠲᠣᠮᠣ ᠭᠡᠷ ᠪᠦᠯᠢ ᠶᠢᠨ ᠬᠢᠨ ᠤ ᠮᠢᠨᠤ ᠠᠪᠠᠭ᠎ᠠ ᠠᠪᠤ ᠠᠴᠠ ᠥᠪᠡᠷ ᠤᠨ ᠪᠡᠷᠭᠡᠨ ᠳᠡᠭᠡᠨ ᠰᠡᠶᠢᠯᠵᠦ ᠥᠭᠭᠦᠭᠰᠡᠨ ᠴᠢᠭᠡᠴᠢ ᠦᠨᠡᠨᠴᠢ ᠬᠥᠰᠢᠶᠡᠨ ᠪᠢᠴᠢᠭ ᠶᠤᠮ︔ ᠠᠪᠠᠭ᠎ᠠ ᠶᠢᠨ ᠮᠢᠨᠢ ᠵᠠᠬᠢᠶ᠎ᠠ ᠡᠩ ᠤᠨ ᠨᠢᠭᠡᠨ ᠵᠠᠬᠢᠳᠠᠯ ᠯᠠ ᠪᠢᠰᠢ᠂ ᠬᠠᠷᠢᠨ ᠬᠥᠮᠥᠨ ᠪᠣᠯᠵᠤ ᠭᠡᠷ ᠪᠦᠯᠢ᠂ ᠨᠡᠶᠢᠭᠡᠮ ᠨᠡᠶᠢᠲᠡ ᠳᠤ ᠲᠤᠰᠠᠲᠠᠢ᠂ ᠮᠣᠷᠠᠯ ᠡᠷᠳᠡᠮ ᠢ ᠡᠷᠬᠢᠮᠯᠡᠵᠦ ᠨᠡᠷ᠎ᠡ ᠲᠥᠷᠥ ᠲᠠᠢ ᠶᠠᠪᠤᠬᠤ ᠶᠢ ᠦᠷ᠎ᠡ ᠠᠴᠢᠨᠠᠷ ᠲᠠᠭᠠᠨ ᠤᠯᠠᠮᠵᠢᠯᠠᠭᠰᠠᠨ ᠰᠤᠳᠤᠷ ᠪᠢᠴᠢᠭ᠂  ᠭᠡᠭᠡᠨ ᠲᠣᠯᠢ ᠶᠤᠮ᠃                              ᠬᠥᠬᠡᠭᠴᠢᠨ ᠮᠣᠭᠠᠢ ᠵᠢᠯ ᠤᠨ ᠬᠠᠪᠤᠷ ᠶᠡᠭᠡ ᠪᠠᠶᠢᠰᠢᠩ ᠳᠤ ᠨᠣᠣᠷᠠᠭᠯᠠᠪᠠ                 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ