ᠳ᠋ᠠᠪᠠᠨ ᠤ ᠮᠣᠩᠭᠤᠯ ᠦᠨᠳᠦᠰᠦᠳᠡᠨ ᠤ ᠪᠠᠭ᠎ᠠ ᠰᠣᠷᠭᠠᠭᠤᠯᠢ ᠨᠢ ᠳᠡᠯᠡᠭᠡᠢ ᠶᠢᠨ ᠭᠡᠣᠭᠡᠳ ᠤᠨ ᠪᠠᠶᠠᠷ ᠢᠶᠠᠨ ᠣᠭᠳᠣᠨ ᠪᠡᠯᠭᠡᠯᠡᠯ᠎ᠡ
ᠨᠡᠶᠢᠲᠡᠯᠡᠭᠰᠡᠨ ᠴᠠᠭ᠄
2025/5/29
       ᠳ᠋ᠠᠪᠠᠨ ᠤ ᠮᠣᠩᠭᠤᠯ ᠦᠨᠳᠦᠰᠦᠳᠡᠨ ᠤ ᠪᠠᠭ᠎ᠠ ᠰᠣᠷᠭᠠᠭᠤᠯᠢ ᠨᠢ ᠳᠣᠮᠳᠠᠳᠣ ᠶᠢᠨ ᠦᠨᠳᠦᠰᠦᠳᠡᠨ ᠤ ᠬᠠᠮᠳᠣ ᠴᠣᠭᠴᠠ ᠶᠢᠨ ᠣᠬᠠᠮᠰᠠᠷ ᠢ ᠪᠠᠳᠣ ᠴᠣᠭᠴᠠᠯᠠᠨ᠂ ᠦᠨᠳᠦᠰᠦᠳᠡᠨ ᠤ ᠪᠦᠯᠬᠦᠮᠳᠠᠯ ᠳᠠᠪᠰᠢᠯᠳᠠ ᠶᠢ ᠠᠬᠢᠭᠤᠯᠵᠣ᠂ ᠳᠣᠮᠳᠠᠳᠣ ᠶᠢᠨ ᠦᠨᠳᠦᠰᠦᠳᠡᠨ ᠤ ᠰᠢᠯᠢᠳᠡᠭ ᠣᠯᠠᠮᠵᠢᠯᠠᠯᠳᠦ ᠰᠣᠶᠣᠯ ᠢ ᠵᠠᠯᠭᠠᠮᠵᠢᠯᠠᠨ ᠪᠠᠳᠠᠷᠠᠭᠤᠯᠵᠣ ᠂ ᠰᠣᠷᠣᠭᠴᠢᠳ ᠤᠨ ᠪᠦᠬᠦ ᠳᠠᠯ᠎ᠠ ᠶᠢᠨ ᠬᠦᠭᠵᠢᠯᠳᠠ ᠶᠢ ᠠᠬᠢᠭᠤᠯᠬᠤ ᠵᠣᠷᠢᠯᠭ᠎ᠠ ᠪᠠᠷ 2025 ᠣᠨ ᠤ 5 ᠰᠠᠷ᠎ᠠ ᠶᠢᠨ 29᠎ ᠤ ᠡᠳᠦᠷ ᠳᠡᠯᠡᠭᠡᠢ ᠶᠢᠨ ᠭᠡᠣᠭᠡᠳ ᠤᠨ ᠪᠠᠶᠠᠷ ᠢᠶᠠᠨ ᠣᠭᠳᠣᠨ ᠪᠡᠯᠭᠡᠯᠡᠵᠣ᠂ ᠬᠦᠨᠳᠦ ᠬᠦᠩᠭᠡᠨ ᠪᠡᠶ᠎ᠡ ᠳᠠᠮᠢᠷ ᠤᠨ ᠣᠷᠣᠯᠳᠣᠭᠠᠨ ᠪᠣᠯᠣᠨ ᠰᠣᠷᠭᠠᠭᠤᠯᠢ ᠶᠢᠨ ᠬᠦᠷᠢᠶᠡᠨ ᠤ ᠰᠣᠶᠣᠯ ᠣᠷᠠᠯᠢᠭ ᠤᠨ ᠨᠠᠶᠢᠷ ᠎ ᠢᠶᠠᠨ ᠡᠬᠢᠯᠡᠬᠦᠯᠦᠭᠰᠡᠨ ᠪᠠᠶᠢᠨ᠎ᠠ᠃      ᠳᠣᠰ ᠣᠳᠠᠭᠠᠨ ᠤ ᠪᠡᠯᠭᠡᠯᠡᠬᠦ ᠠᠵᠢᠯᠯᠠᠭᠠᠨ ᠤ ᠡᠬᠢᠯᠡᠯᠳᠠ ᠶᠢᠨ ᠶᠣᠰᠣᠯᠠᠯ ᠳᠤ ᠳᠠᠪᠣᠨ ᠣᠳᠣᠳᠣ ᠣᠯᠠᠭᠠᠨ ᠳᠤᠭ ᠬᠤᠰᠢᠭᠤᠷᠠᠵᠣ᠂ ᠳᠡᠬᠦᠨ ᠤ ᠳᠠᠷᠠᠭ᠎ᠠ ᠰᠣᠷᠭᠠᠭᠤᠯᠢ ᠶᠢᠨ ᠳᠤᠭ ᠤᠨ ᠡᠩᠨᠡᠭᠡ᠂ ᠭᠡᠩᠭᠡᠷᠭᠡ ᠪᠦᠮᠪᠦᠷ ᠤᠨ ᠠᠩᠭᠢ᠂ ᠦᠩᠭᠡᠳᠦ ᠳᠤᠭ ᠤᠨ ᠡᠩᠨᠡᠭᠡ᠂ ᠪᠦᠵᠢᠭ ᠤᠨ ᠠᠩᠭᠢ᠂ ᠬᠠᠳᠠᠭ ᠤᠨ ᠠᠩᠭᠢ᠂ ᠬᠦᠭᠵᠢᠮ ᠤᠨ ᠠᠩᠭᠢ᠂ ᠪᠦᠭᠡᠴᠢᠳ ᠤᠨ ᠡᠩᠨᠡᠭᠡ᠂ ᠰᠣᠷᠴᠢᠳ ᠤᠨ ᠡᠩᠨᠡᠭᠡ᠂ ᠬᠦᠯ ᠪᠦᠮᠪᠦᠭᠡ ᠶᠢᠨ ᠠᠩᠭᠢ᠂ ᠰᠢᠨᠵᠢᠯᠡᠭᠡ ᠮᠡᠷᠭᠡᠵᠢᠯ ᠤᠨ ᠠᠩᠭᠢ᠂ ᠡᠯ᠎ᠡ ᠠᠩᠭᠢ ᠎ ᠶᠢᠨ ᠳᠠᠮᠢᠷᠴᠢᠳ ᠤᠨ ᠡᠩᠨᠡᠭᠡ ᠪᠣᠯᠣᠨ ᠪᠠᠭᠰᠢ ᠠᠵᠢᠯᠳᠠᠨ ᠤ ᠡᠩᠨᠡᠭᠡ ᠬᠤᠶᠢᠨ᠎ᠠ ᠬᠤᠶᠢᠨ᠎ᠠ ᠠᠴᠠ ᠪᠠᠨ ᠡᠮᠬᠢ ᠳᠢᠭᠳᠡᠢ ᠢᠳᠡᠷᠡᠬᠦᠨ ᠵᠢᠪᠬᠤᠭᠠᠳᠠᠢ ᠳᠠᠯᠠᠪᠠᠢ ᠳᠤ ᠣᠷᠣᠵᠣ᠂ ᠣᠯᠣᠰ ᠤᠨ ᠰᠦᠯᠳᠠ ᠳᠠᠭᠤᠨ ᠤ ᠰᠦᠷ ᠵᠢᠪᠬᠤᠯᠠᠩᠳᠣ ᠠᠶᠠᠰ ᠤᠨ ᠳᠣᠮᠳᠠ ᠣᠯᠣᠰ ᠤᠨ ᠳᠤᠭ ᠢᠶᠠᠨ ᠦᠨᠳᠦᠷ ᠲᠤ ᠮᠠᠨᠳᠣᠭᠤᠯᠣᠭᠰᠠᠨ ᠪᠠᠶᠢᠨ᠎ᠠ᠃ ᠰᠣᠷᠭᠠᠭᠤᠯᠢ ᠶᠢᠨ ᠣᠳᠣᠷᠢᠳᠣᠯᠭ᠎ᠠ ᠠᠴᠠ ᠪᠦᠬᠦ ᠰᠣᠷᠣᠭᠴᠢᠳ ᠲᠤ ᠪᠠᠨ ᠪᠠᠶᠠᠷ ᠤᠨ ᠡᠳᠦᠷ ᠤᠨ ᠮᠡᠨᠳᠦᠴᠢᠯᠡᠯ ᠬᠦᠷᠭᠡᠵᠣ᠂ ᠣᠷᠣᠯᠳᠣᠭᠠᠨ ᠳᠡᠬᠦᠰ ᠠᠮᠵᠢᠯᠳᠠ ᠲᠠᠢ ᠶᠠᠪᠣᠭᠳᠠᠬᠤ ᠶᠢ ᠪᠡᠯᠭᠡᠳᠡᠨ ᠵᠦᠩᠨᠡᠭᠰᠡᠨ ᠪᠠᠶᠢᠨ᠎ᠠ᠃       ᠡᠬᠢᠯᠡᠯᠳᠠ ᠶᠢᠨ ᠶᠣᠰᠣᠯᠠᠯ ᠤᠨ ᠳᠠᠷᠠᠭ᠎ᠠ ᠣᠷᠠᠨ ᠰᠠᠶᠢᠬᠠᠨ ᠤ ᠳᠣᠭᠯᠠᠯᠳᠠ ᠰᠣᠨᠢᠷᠬᠠᠭᠤᠯᠵᠣ᠂ ᠳᠠᠯᠠᠪᠠᠢ ᠳᠤ ᠬᠤᠷᠠᠨ ᠴᠣᠭᠯᠠᠷᠠᠭᠰᠠᠨ ᠪᠠᠭᠰᠢ ᠰᠣᠷᠣᠭᠴᠢ ᠵᠢᠴᠢ ᠭᠡᠷ ᠤᠨ ᠠᠬᠠᠮᠠᠳ ᠤᠨ ᠬᠠᠷᠠᠭ᠎ᠠ ᠶᠢ ᠪᠠᠶᠠᠰᠬᠠᠭᠰᠠᠨ ᠪᠠᠶᠢᠨ᠎ᠠ᠃ ᠳᠠᠷᠠᠭ᠎ᠠ ᠨᠢ ᠰᠢᠯᠢᠳᠡᠭ ᠰᠣᠷᠣᠭᠴᠢ ᠣᠨᠴᠠ ᠠᠪᠢᠶᠠᠰ ᠲᠠᠢ ᠰᠣᠷᠣᠭᠴᠢᠳ ᠢᠶᠠᠨ ᠱᠠᠩᠨᠠᠨ ᠬᠦᠬᠢᠬᠦᠯᠵᠣ᠂ ᠬᠦᠨᠳᠦ ᠬᠦᠩᠭᠡᠨ ᠪᠡᠶ᠎ᠡ ᠳᠠᠮᠢᠷ ᠤᠨ ᠣᠷᠣᠯᠳᠣᠭᠠᠨ ᠶᠠᠪᠣᠭᠳᠠᠭᠰᠠᠨ ᠪᠠᠶᠢᠨ᠎ᠠ᠃ ᠰᠣᠷᠣᠭᠴᠢᠳ ᠤᠨ ᠳᠠᠮᠢᠷ ᠤᠨ ᠣᠷᠣᠯᠳᠣᠭᠠᠨ ᠤ ᠳᠣᠮᠳᠠ ᠪᠠᠭᠰᠢ ᠨᠠᠷ ᠪᠣᠯᠣᠨ ᠭᠡᠷ ᠤᠨ ᠠᠬᠠᠮᠠᠳ ᠤᠨ ᠬᠦᠴᠦᠨ ᠵᠠᠯᠭᠠᠵᠣ ᠬᠦᠶᠦᠬᠦ ᠣᠷᠣᠯᠳᠣᠭᠠᠨ ᠶᠠᠪᠣᠭᠳᠠᠭᠰᠠᠨ ᠨᠢ ᠰᠣᠷᠣᠭᠴᠢᠳ ᠤᠨ ᠰᠡᠳᠬᠢᠯ ᠢ ᠬᠦᠭᠵᠢᠭᠡᠵᠣ ᠵᠣᠷᠢᠭ ᠢ ᠴᠢᠩᠭᠠᠯᠠᠵᠠᠢ᠃       ᠡᠬᠦᠨᠴᠠ ᠭᠠᠳᠠᠨ᠎ᠠ ᠳᠣᠰ ᠣᠳᠠᠭᠠᠨ ᠤ ᠪᠡᠯᠭᠡᠯᠡᠬᠦ ᠠᠵᠢᠯᠯᠠᠭᠠᠨ ᠳᠤ ᠪᠠᠰᠠ ᠰᠣᠷᠣᠭᠴᠢᠳ ᠤᠨ ᠣᠷᠠᠨ ᠵᠢᠷᠤᠭ ᠤᠨ ᠳᠡᠯᠭᠡᠨ ᠦᠵᠡᠬᠦᠯᠭᠡ ᠲᠠᠢ᠂ ᠴᠠᠭᠠᠰᠣᠨ ᠨᠢᠰᠭᠡᠯ ᠤᠨ ᠣᠷᠣᠯᠳᠣᠭᠠᠨ᠂ ᠭᠡᠶᠢᠳᠦ ᠪᠦᠮᠪᠦᠭᠡ ᠨᠢᠰᠭᠡᠬᠦ ᠣᠷᠣᠯᠳᠣᠭᠠᠨ ᠪᠠᠶᠢᠬᠤ ᠠᠴᠠ ᠭᠠᠳᠠᠨ᠎ᠠ ᠪᠠᠭᠠᠴᠣᠳ ᠤᠨ ᠪᠦᠭᠡ ᠶᠢᠨ ᠪᠠᠷᠢᠯᠳᠣᠭᠠᠨ᠂ ᠰᠣᠷ ᠬᠠᠷᠪᠣᠯᠳᠠ᠂ ᠰᠢᠳᠠᠷ᠎ᠠ ᠶᠢᠨ ᠮᠦᠷᠦᠶᠢᠴᠡᠭᠡᠨ ᠵᠡᠷᠭᠡ ᠣᠯᠠᠮᠵᠢᠯᠠᠯᠳᠦ ᠨᠠᠭᠠᠳᠣᠮ ᠳᠣᠭᠯᠠᠭᠠᠮ ᠤᠨ ᠣᠷᠣᠯᠳᠣᠭᠠᠨ ᠲᠠᠢ᠂ ᠪᠠᠶᠠᠯᠢᠭ ᠣᠯᠠᠨ ᠠᠭᠤᠯᠭ᠎ᠠ ᠲᠠᠢ ᠪᠡᠯᠭᠡᠯᠡᠬᠦ ᠠᠵᠢᠯᠯᠠᠭᠠᠨ ᠨᠢ ᠬᠤᠶᠠᠷ ᠡᠳᠦᠷ ᠶᠠᠪᠣᠭᠳᠠᠬᠤ ᠪᠣᠯᠣᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ