ᠳᠠᠭᠠᠭᠠᠴᠢᠯᠠᠨ ᠬᠠᠷᠢᠯᠴᠠᠵᠤ ᠬᠢᠨᠠᠨ ᠵᠢᠯᠣᠭᠤᠳᠬᠤ ᠠᠵᠢᠯ ᠢ ᠠᠬᠢᠭᠤᠯᠬᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2025/5/30
      5 ᠰᠠᠷ᠎ᠠ ᠶᠢᠨ 30᠎ ᠤ ᠡᠳᠦᠷ᠂ ᠤᠯᠠᠭᠠᠨᠬᠠᠳᠠ ᠬᠤᠲᠠ ᠶᠢᠨ ᠪᠠᠶᠢᠩᠭᠤ ᠶᠢᠨ ᠭᠡᠰᠢᠭᠦᠨ᠂ ᠬᠤᠲᠠ ᠶᠢᠨ ᠳᠡᠳ᠋ ᠳᠠᠷᠤᠭ᠎ᠠ ᠵᠣᠣ ᠼᠠᠢ ᠱᠧᠩ ᠳᠠᠭᠠᠭᠠᠴᠢᠯᠠᠨ ᠬᠠᠷᠢᠯᠴᠠᠵᠤ ᠬᠢᠨᠠᠨ ᠵᠢᠯᠤᠭᠤᠳᠴᠤ ᠪᠠᠭᠠᠷᠢᠨ ᠪᠠᠷᠠᠭᠤᠨ ᠬᠤᠰᠢᠭᠤᠨ ᠤ ᠭᠤᠤᠯᠳᠠᠯᠭ᠎ᠠ ᠲᠠᠢ ᠠᠵᠢᠯ ᠢ ᠠᠬᠢᠭᠤᠯᠬᠤ ᠬᠤᠷᠠᠯ ᠬᠤᠷᠠᠯᠳᠤᠭᠤᠯᠪᠠ᠃ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤᠨ ᠤ ᠵᠠᠰᠠᠭ ᠤᠨ ᠣᠷᠳᠣᠨ ᠤ ᠳᠠᠷᠤᠭ᠎ᠠ ᠲᠢᠶᠠᠨ ᠶᠦᠩ ᠰᠢᠶᠠᠩ ᠬᠤᠷᠠᠯ ᠢ ᠡᠷᠭᠢᠯᠡᠵᠦ᠂ ᠬᠤᠰᠢᠭᠤᠨ ᠤ ᠰᠢᠭᠤᠳ ᠬᠠᠷᠢᠶ᠎ᠠ ᠬᠠᠮᠢᠶ᠎ᠠ ᠪᠥᠬᠦᠶ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠬᠤᠷᠠᠯ ᠳᠤ ᠣᠷᠣᠯᠴᠠᠵᠠᠶ᠃     ᠬᠤᠷᠠᠯ ᠳᠡᠭᠡᠷ᠎ᠡ᠂ ᠪᠥᠬᠦ ᠬᠤᠰᠢᠭᠤᠨ ᠤ ᠬᠤᠶᠠᠳᠤᠭᠠᠷ ᠤᠯᠠᠷᠢᠯ ᠤᠨ ᠠᠵᠢᠯ ᠤᠨ ᠠᠬᠢᠴᠠ ᠶᠢᠨ ᠪᠠᠶᠢᠳᠠᠯ ᠢ ᠬᠠᠷᠢᠭᠤ ᠮᠡᠳᠡᠭᠦᠯᠪᠡ᠃     ᠵᠤᠤ ᠼᠠᠢ ᠱᠧᠩ ᠴᠢᠬᠤᠯᠠᠴᠢᠯᠠᠭᠰᠠᠨ ᠨᠢ᠂ ᠤᠯᠤᠰ ᠲᠦᠷᠦ ᠶᠢᠨ ᠵᠣᠭᠰᠣᠴᠠ ᠪᠠᠨ ᠦᠨᠡᠨ ᠬᠦ ᠳᠡᠭᠡᠭᠰᠢᠯᠡᠭᠦᠯᠵᠦ᠂ ᠤᠯᠤᠰ ᠲᠦᠷᠦ ᠶᠢᠨ ᠡᠭᠦᠷᠭᠡᠯᠡᠯ ᠢᠶᠠᠨ ᠴᠢᠩᠭᠠᠳᠬᠠᠵᠤ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠠᠯᠪᠢᠭᠰᠠᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠠᠬᠤ ᠬᠡᠷᠡᠭᠲᠡᠢ᠃ ᠡᠳᠦᠷ ᠲᠤᠲᠤᠮ ᠤᠨ ᠠᠵᠢᠯ ᠤᠨ ᠳᠤᠮᠳᠠ ᠪᠠᠨ ︽ᠨᠢᠭᠡ ᠠᠵᠢᠯ ᠤᠨ ᠪᠠᠶᠢᠷᠢ ᠳᠤ ᠬᠤᠣᠰ ᠬᠠᠷᠢᠭᠤᠴᠠᠯᠭ᠎ᠠ ᠡᠭᠦᠷᠭᠡᠯᠡᠬᠦ︾᠎ ᠶᠢ ᠬᠢᠨᠠᠮᠠᠭᠠᠶ ᠨᠠᠶᠢᠳᠠᠪᠤᠷᠢᠵᠢᠭᠤᠯᠵᠤ᠂ ᠠᠷᠢᠭᠤᠨ ᠴᠢᠬᠡᠴᠢ ᠪᠠᠶᠢᠭᠤᠯᠤᠯᠲᠠ ᠶᠢᠨ ᠭᠦᠨᠵᠡᠭᠡᠶᠢᠷᠡᠨ ᠪᠣᠳᠠᠲᠠᠶᠢᠵᠢᠬᠤ ᠶᠢ ᠠᠬᠢᠭᠤᠯᠬᠤ ᠬᠡᠷᠡᠭᠲᠡᠶ᠃ ᠪᠤᠴᠠᠯᠲᠠ ᠥᠬᠡᠶ ᠤᠷᠤᠭᠰᠢᠯᠠᠬᠤ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠭᠦᠢᠴᠡᠳ ᠪᠠᠳᠠᠷᠠᠭᠤᠯᠵᠤ᠂ ᠬᠤᠲᠠ ᠶᠢᠨ ᠨᠠᠮ ᠤᠨ ᠬᠤᠷᠢᠶ᠎ᠡ ᠶᠢᠨ ︽ᠠᠷᠪᠠᠨ ᠶᠡᠭᠡ ᠠᠵᠢᠯᠯᠠᠭ᠎ᠠ︾᠎ ᠲᠠᠢ ᠤᠶᠠᠯᠳᠤᠭᠤᠯᠤᠨ ᠠᠵᠤ ᠠᠬᠤᠶ ᠶᠢᠨ ᠠᠵᠢᠯ ᠢ ᠨᠢᠭᠡᠳᠦᠯᠲᠡᠶ ᠲᠥᠯᠥᠪᠯᠡᠵᠦ᠂ ᠭᠤᠤᠯᠳᠠᠯᠭ᠎ᠠ ᠲᠠᠢ ᠢᠨᠵᠧᠨᠧᠷᠢᠩ ᠤᠨ ᠡᠮᠦᠨᠡᠬᠢ ᠬᠤᠭᠤᠴᠠᠭᠠᠨ ᠤ ᠭᠠᠷᠳᠠᠮ ᠢ ᠬᠦᠢᠴᠡᠳᠬᠡᠬᠦ ᠶᠢ ᠲᠦᠷᠭᠡᠳᠬᠡᠬᠦ ᠬᠡᠷᠡᠭᠲᠡᠶ︔ ᠭᠤᠤᠯᠳᠠᠯᠭ᠎ᠠ ᠲᠠᠢ ᠰᠠᠭᠤᠷᠢ ᠲᠥᠬᠦᠭᠡᠷᠦᠮᠵᠢ ᠶᠢᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠪᠡᠯᠡ ᠮᠥᠩᠭᠦ ᠥᠭᠬᠦ ᠠᠬᠢᠴᠠ ᠶᠢ ᠲᠦᠷᠭᠡᠳᠬᠡᠬᠦ ᠬᠡᠷᠡᠭᠲᠡᠶ᠃ ᠬᠡᠷᠡᠭᠯᠡᠭᠡᠨ ᠤ ᠵᠦᠢᠯ ᠤᠨ ᠬᠠᠭᠤᠴᠢᠨ ᠢᠶᠠᠷ ᠰᠢᠨ᠎ᠡ ᠶᠢ ᠰᠣᠯᠢᠬᠤ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠬᠤ ᠶᠢ ᠦᠷᠭᠦᠯᠵᠢᠯᠡᠨ ᠠᠬᠢᠭᠤᠯᠵᠤ᠂ ᠬᠡᠷᠡᠭᠯᠡᠭᠡ ᠶᠢ ᠬᠥᠭᠵᠢᠭᠡᠬᠦ ᠲᠥᠰᠦᠯ ᠢ ᠨᠡᠶᠢᠲᠡᠯᠡᠨ᠎ᠡ︔ ᠵᠢᠭᠤᠯᠴᠢᠯᠠᠯ ᠤᠨ ᠤᠷᠬᠢᠯ ᠤᠨ ᠦᠶ᠎ᠡ ᠶᠢᠨ ᠠᠵᠠ ᠲᠣᠬᠢᠶᠠᠯ ᠢ ᠡᠵᠡᠮᠳᠡᠵᠦ᠂ ᠰᠣᠶᠣᠯ ᠵᠢᠭᠤᠯᠴᠢᠯᠠᠯ ᠤᠨ ᠠᠵᠢᠯᠯᠠᠭ᠎ᠠ ᠦᠷᠨᠢᠬᠦᠯᠬᠦ ᠬᠡᠷᠡᠭᠲᠡᠶ︔ ᠠᠵᠤ ᠠᠬᠤᠶᠢᠯᠠᠯ ᠳᠤ ᠭᠦᠨᠵᠡᠭᠡᠶᠢᠷᠡᠨ ᠠᠵᠤ ᠠᠬᠤᠶᠢᠯᠠᠯ ᠢ ᠬᠠᠪᠰᠤᠷᠤᠨ ᠬᠦᠴᠢᠷᠳᠡᠯ ᠢ ᠨᠢ ᠰᠢᠢᠳᠪᠦᠷᠢᠯᠡᠨ᠎ᠡ︔ ᠠᠵᠤ ᠠᠬᠤᠶᠢᠯᠠᠯ ᠢ ᠪᠤᠶᠢᠵᠢᠭᠤᠯᠵᠤ ᠬᠡᠪᠴᠢᠶᠡᠨ ᠳᠤ ᠣᠷᠣᠭᠤᠯᠵᠤ ᠨᠢᠭᠡᠳᠦᠯᠲᠡᠢ ᠳᠤ ᠣᠷᠣᠭᠤᠯᠬᠤ ᠶᠢ ᠥᠷᠨᠢᠭᠦᠯᠵᠦ᠂ ᠬᠠᠮᠢᠶ᠎ᠠ ᠪᠦᠬᠦᠢ ᠠᠵᠢᠯ ᠲᠦᠷᠦᠯ ᠤᠨ ᠰᠢᠪᠲᠤᠯᠤᠯᠲᠠ ᠲᠠᠢ ᠪᠣᠯᠬᠤ ᠶᠢ ᠠᠬᠢᠭᠤᠯᠬᠤ ᠬᠡᠷᠡᠭᠲᠡᠶ᠃ ᠲᠥᠪ ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠯᠲᠠ ᠳᠤ ᠢᠯᠡᠷᠡᠭᠦᠯᠦᠭᠰᠡᠨ ᠠᠰᠠᠭᠤᠳᠠᠯ᠂ ᠤᠯᠠᠨ ᠲᠦᠮᠡᠨ ᠤ ᠲᠤᠰᠬᠠᠯ ᠴᠢᠩᠭ᠎ᠠ ᠠᠰᠠᠭᠤᠳᠠᠯ ᠤᠨ ᠲᠣᠭᠤᠷᠢᠨ ᠳᠤ᠂ ᠲᠡᠷᠡ ᠳᠠᠷᠤᠢ ᠳᠤᠨᠢ ᠬᠡᠷᠡᠭᠵᠢᠭᠦᠯᠵᠦ ᠲᠡᠷᠡ ᠳᠠᠷᠤᠢ ᠳᠤᠨᠢ ᠥᠭᠡᠷᠡᠴᠢᠯᠡᠵᠦ᠂ ᠱᠠᠯᠠᠪᠳᠠᠭᠤᠯᠬᠤ ᠶᠢᠨ ᠳᠠᠭᠠᠤ ᠰᠠᠶᠢᠵᠢᠷᠠᠭᠤᠯᠵᠤ᠂ ᠲᠥᠪ ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠯᠲᠠ ᠶᠢᠨ ᠲᠤᠰᠢᠶᠠᠨ ᠥᠭᠴᠦ ᠰᠢᠢᠳᠪᠦᠷᠢᠯᠡᠭᠦᠯᠦᠭᠰᠡᠨ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠢ ᠰᠢᠢᠳᠪᠦᠷᠢᠯᠡᠬᠦ ᠠᠵᠢᠯ ᠤᠨ ᠶᠠᠰᠤ ᠴᠢᠨᠠᠷ ᠦᠷ᠎ᠡ ᠪᠦᠲᠦᠮᠵᠢ ᠶᠢ ᠬᠦᠴᠦᠲᠡᠢ ᠳᠡᠭᠡᠭᠰᠢᠯᠡᠭᠦᠯᠬᠦ ᠬᠡᠷᠡᠭᠲᠡᠢ᠃ ᠠᠶᠤᠯᠭᠦᠢ ᠦᠢᠯᠡᠳᠪᠦᠷᠢᠯᠡᠯ ᠤᠨ ᠬᠥᠪᠴᠢ ᠶᠢ ᠴᠢᠩᠭᠠᠯᠠᠵᠤ᠂ ︽ᠠᠵᠢᠯ ᠲᠦᠷᠦᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ᠂ ᠲᠤᠬᠠᠶᠢᠯᠠᠭᠰᠠᠨ ᠠᠵᠢᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ᠂ ᠦᠢᠯᠡᠳᠪᠦᠷᠢᠯᠡᠯ ᠡᠵᠡᠩᠨᠡᠯᠲᠡ ᠶᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ︾ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠠᠮᠤᠷ ᠲᠦᠪᠰᠢᠨ ᠬᠥᠭᠵᠢᠯᠲᠡ ᠶᠢᠨ ᠤᠢᠢᠯᠠᠭᠠᠭᠳᠠᠬᠤᠨ ᠢ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠡᠯ᠎ᠡ ᠬᠦᠷᠢᠶᠡᠨ ᠤ ᠪᠦᠬᠦ ᠶᠠᠪᠤᠴᠠ ᠳᠤ ᠲᠤᠤᠱᠯᠠᠭᠤᠯᠬᠤ ᠬᠡᠷᠡᠭᠲᠡᠢ ᠭᠡᠵᠠᠢ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ