| | | ᠣᠶᠢᠷ᠎ᠠ ᠳᠤ᠂ ᠥᠪᠥᠷ ᠮᠣᠩᠭᠤᠯ ᠤᠨ ᠳ᠋ᠠᠪᠠᠨ ᠤ ᠴᠠᠬᠢᠯᠭᠠᠨ ᠭᠠᠷᠭᠠᠬᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠠᠵᠢᠯᠴᠢᠨ ᠤ ᠡᠪᠯᠡᠯ ᠤᠨ ᠰᠢᠨ᠎ᠡ ᠪᠠᠷ | ᠪᠠᠶᠢᠭᠤᠯᠤᠭᠰᠠᠨ 800 ᠮᠧᠲᠷ ᠤᠨ ᠡᠷᠡᠭᠦᠯ ᠮᠡᠨᠳᠦ ᠶᠢᠨ ᠶᠠᠪᠠᠭᠠᠨ ᠵᠠᠮ ᠵᠢᠩᠬᠢᠨᠢ ᠪᠠᠷ ᠠᠰᠢᠭᠯᠠᠯᠲᠠ ᠳᠤ ᠤᠷᠤᠪᠠ᠃ ᠺᠣᠮᠫᠠᠨᠢ ᠶᠢᠨ ᠠᠵᠢᠯᠴᠢᠨ ᠤ ᠡᠪᠯᠡᠯ ᠠᠵᠢᠯᠳᠠᠨ | ᠠᠵᠢᠯᠴᠢᠨ ᠤ ᠳᠤᠮᠳᠠ ᠭᠦᠨᠵᠡᠭᠡᠶᠢᠷᠡᠨ ᠪᠠᠶᠢᠴᠠᠭᠠᠨ ᠰᠤᠳᠤᠯᠤᠯᠲᠠ ᠬᠢᠵᠦ᠂ ᠠᠵᠢᠯᠳᠠᠨ ᠠᠵᠢᠯᠴᠢᠨ ᠤ ᠬᠡᠷᠡᠭᠴᠡᠭᠡ ᠶᠢ ᠣᠨᠣᠪᠴᠢᠲᠠᠢ ᠡᠵᠡᠮᠳᠡᠵᠦ᠂ ᠺᠣᠮᠫᠠᠨᠢ ᠶᠢᠨ | ᠪᠣᠳᠠᠲᠤ ᠪᠠᠶᠢᠳᠠᠯ ᠲᠠᠢ ᠨᠢᠭᠲᠠ ᠤᠶᠠᠯᠳᠤᠭᠤᠯᠵᠤ᠂ ᠡᠨᠡ ᠬᠦ ᠭᠡᠷ ᠤᠨ ᠡᠭᠦᠳᠡᠨ ᠳᠠᠬᠢ ᠲᠠᠮᠢᠷ ᠤᠨ ᠲᠠᠯᠠᠪᠤᠷ ᠢ ᠨᠠᠷᠢᠨ ᠨᠢᠮᠪᠠᠢ ᠲᠥᠯᠥᠪᠵᠢᠭᠦᠯᠦᠭᠰᠡᠨ ᠪᠥᠭᠡᠳ | ᠪᠦᠳᠦᠭᠡᠨ ᠪᠠᠶᠢᠭᠤᠯᠪᠠ᠃ ᠡᠨᠡ ᠬᠦ ᠠᠵᠢᠯᠲᠠᠨ ᠠᠵᠢᠯᠴᠢᠨ ᠤ ᠠᠮᠢᠳᠤᠷᠠᠯ ᠤᠨ ᠲᠣᠭᠤᠷᠢᠭ ᠲᠤ ᠲᠤᠭᠤᠰᠢᠯᠠᠭᠳᠠᠵᠤ ᠪᠠᠶᠢᠭ᠎ᠠ ᠥᠩᠭᠡᠲᠦ ᠶᠠᠪᠠᠭᠠᠨ ᠵᠠᠮ ᠨᠢ ᠠᠵᠢᠯᠲᠠᠨ | ᠠᠵᠢᠯᠴᠢᠨ ᠤ ᠪᠡᠶ᠎ᠡ ᠮᠠᠬᠠᠪᠣᠳ ᠤᠨ ᠡᠷᠡᠭᠦᠯ ᠮᠡᠨᠳᠦ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ ᠪᠠᠶᠢᠬᠤ ᠪᠠ ᠳᠣᠲᠣᠨᠣ ᠪᠠᠷ ᠬᠠᠯᠠᠮᠵᠢᠯᠠᠵᠤ ᠪᠠᠶᠢᠬᠤ ᠶᠢ ᠬᠠᠷᠠᠭᠤᠯᠵᠤ | ᠪᠠᠶᠢᠨ᠎ᠠ᠃ | ᠡᠷᠡᠭᠦᠯ ᠡᠩᠬᠡ ᠶᠢᠨ ᠶᠠᠪᠠᠭᠠᠨ ᠵᠠᠮ ᠢ ᠪᠠᠶᠢᠭᠤᠯᠤᠭᠰᠠᠨ ᠨᠢ ᠺᠣᠮᠫᠠᠨᠢ ᠶᠢᠨ ᠠᠵᠢᠯᠴᠢᠨ ᠤ ᠡᠪᠯᠡᠯ ᠤᠨ ᠪᠦᠬᠦ ᠬᠦᠴᠦᠨ ᠢᠶᠠᠷ ᠢᠶᠠᠨ ︽ᠵᠣᠯ ᠵᠢᠷᠭᠠᠯᠲᠤ ᠠᠵᠤ | ᠠᠬᠤᠶᠢᠯᠠᠯ︾ ᠢ ᠪᠠᠶᠢᠭᠤᠯᠬᠤ ᠶᠢᠨ ᠴᠢᠬᠤᠯᠠ ᠭᠤᠭᠴᠤᠭ᠎ᠠ ᠪᠣᠯᠤᠨ᠎ᠠ᠃ ᠤᠢᠢᠷ᠎ᠠ ᠶᠢᠨ ᠵᠢᠯ ᠠᠴᠠ᠂ ᠺᠣᠮᠫᠠᠨᠢ ᠶᠢᠨ ᠠᠵᠢᠯᠴᠢᠨ ᠤ ᠡᠪᠯᠡᠯ ︽ᠠᠵᠢᠯᠳᠠᠨ | ᠠᠵᠢᠯᠴᠢᠨ ᠢᠶᠠᠷ ᠭᠤᠣᠯ ᠪᠣᠯᠭᠠᠬᠤ︾ ᠬᠥᠭᠵᠢᠯᠲᠡ ᠶᠢᠨ ᠤᠢᠢᠯᠠᠭᠠᠭᠳᠠᠬᠤᠨ ᠢ ᠢᠮᠠᠭᠲᠠ ᠪᠠᠷᠢᠮᠲᠠᠯᠠᠵᠤ᠂ ᠠᠵᠢᠯᠳᠠᠨ ᠠᠵᠢᠯᠴᠢᠨ ᠤ ᠪᠤᠶᠠᠨ ᠵᠢᠷᠭᠠᠯ ᠢ ᠲᠡᠷᠢᠭᠦᠨ | ᠪᠠᠶᠢᠷᠢᠨ ᠳᠤ ᠲᠠᠯᠪᠢᠵᠤ᠂ ᠠᠵᠢᠯ ᠤᠨ ᠣᠷᠴᠢᠨ ᠲᠣᠭᠤᠷᠢᠨ ᠢ ᠦᠷᠭᠦᠯᠵᠢᠯᠡᠨ ᠰᠠᠶᠢᠵᠢᠷᠠᠭᠤᠯᠬᠤ ᠠᠴᠠ ᠰᠣᠶᠣᠯ ᠲᠠᠮᠢᠷ ᠤᠨ ᠠᠵᠢᠯᠯᠠᠭ᠎ᠠ ᠶᠢ ᠢᠳᠡᠪᠬᠢᠲᠡᠢ | ᠪᠠᠶᠠᠯᠢᠭᠵᠢᠭᠤᠯᠬᠤ ᠬᠦᠷᠲᠡᠯ᠎ᠡ᠂ ᠠᠵᠢᠯᠳᠠᠨ ᠠᠵᠢᠯᠴᠢᠨ ᠤ ᠡᠷᠡᠭᠦᠯ ᠮᠡᠨᠳᠦ ᠶᠢᠨ ᠬᠠᠮᠢᠶᠠᠷᠤᠯᠲᠠ ᠶᠢ ᠴᠢᠩᠭᠠᠳᠬᠠᠬᠤ ᠠᠴᠠ ᠠᠵᠢᠯᠳᠠᠨ ᠠᠵᠢᠯᠴᠢᠨ ᠤ ᠰᠡᠳᠬᠢᠴᠡ ᠶᠢᠨ | ᠬᠠᠶᠢᠷ᠎ᠠ ᠬᠠᠯᠠᠮᠵᠢ ᠶᠢ ᠬᠦᠷᠲᠡᠭᠡᠬᠦ ᠬᠦᠷᠲᠡᠯ᠎ᠡ᠂ ᠠᠯᠢ ᠤᠯᠠᠨ ᠦᠨᠡᠨ ᠪᠣᠳᠠᠲᠠᠢ ᠠᠷᠭ᠎ᠠ ᠬᠡᠮᠵᠢᠶ᠎ᠡ ᠶᠢ ᠵᠠᠯᠭᠠᠭ᠎ᠠ ᠪᠠᠷ ᠨᠠᠶᠢᠳᠠᠪᠤᠷᠢᠵᠢᠭᠤᠯᠵᠤ᠂ ᠠᠵᠢᠯᠳᠠᠨ | ᠠᠵᠢᠯᠴᠢᠨ ᠳᠤ ᠠᠵᠢᠯᠴᠢᠨ ᠤ ᠡᠪᠯᠡᠯ ᠤᠨ ︽ᠲᠥᠷᠬᠦᠮ ᠤᠨ ᠭᠡᠷ ᠤᠨ ᠬᠥᠮᠦᠰ︾ ᠤᠨ ᠬᠠᠶᠢᠷ᠎ᠠ ᠬᠠᠯᠠᠮᠵᠢ ᠶᠢ ᠦᠨᠡᠨᠬᠦ ᠮᠡᠳᠡᠷᠡᠭᠦᠯᠪᠡ᠃ | ᠲᠠᠷᠠᠭᠠᠴᠢ ᠶᠢᠨ ᠠᠯᠬᠤᠮ ᠳᠤ᠂ ᠺᠣᠮᠫᠠᠨᠢ ᠶᠢᠨ ᠠᠵᠢᠯᠴᠢᠨ ᠤ ᠡᠪᠯᠡᠯ ᠦᠷᠭᠦᠯᠵᠢᠯᠡᠨ ᠠᠵᠢᠯᠲᠠᠨ ᠠᠵᠢᠯᠴᠢᠨ ᠤ ᠬᠡᠷᠡᠭᠴᠡᠭᠡ ᠪᠠᠷ ᠤᠳᠤᠷᠢᠳᠤᠮᠵᠢ ᠪᠣᠯᠭᠠᠵᠤ᠂ | ᠨᠠᠩ ᠣᠯᠠᠨ ᠰᠡᠳᠬᠢᠯ ᠢ ᠳᠤᠯᠠᠭᠠᠴᠠᠭᠤᠯᠬᠤ ᠠᠷᠭ᠎ᠠ ᠬᠡᠮᠵᠢᠶ᠎ᠡ ᠭᠠᠷᠭᠠᠵᠤ᠂ ᠠᠵᠢᠯᠲᠠᠨ ᠠᠵᠢᠯᠴᠢᠨ ᠤ ᠵᠣᠯ ᠵᠢᠷᠭᠠᠯᠲᠤ ᠲᠥᠷᠥᠭᠳᠡᠯ ᠪᠠ ᠬᠠᠷᠢᠶᠠᠯᠠᠭᠳᠠᠬᠤ | ᠰᠡᠳᠬᠢᠯᠭᠡ ᠶᠢ ᠲᠠᠰᠤᠷᠠᠯᠲᠠ ᠥᠬᠡᠶ ᠳᠡᠭᠡᠭᠰᠢᠯᠡᠭᠦᠯᠵᠦ᠂ ᠠᠵᠢᠯᠲᠠᠨ ᠠᠵᠢᠯᠴᠢᠨ ᠨᠢᠭᠡᠪᠦᠷᠢ ᠳᠤ ᠦᠨᠡᠨ ᠬᠦ ᠠᠵᠤ ᠠᠬᠤᠶᠢᠯᠠᠯ ᠤᠨ ᠬᠥᠭᠵᠢᠯᠲᠡ ᠶᠢᠨ ᠦᠷ᠎ᠡ | ᠪᠦᠲᠦᠭᠡᠯ ᠢ ᠬᠠᠮᠲᠤ ᠪᠠᠷ ᠡᠳ᠋ᠯᠡᠭᠦᠯᠵᠦ᠂ ᠪᠠᠶᠠᠷ ᠬᠥᠷ ᠲᠠᠢ ᠠᠵᠢᠯᠯᠠᠵᠤ᠂ ᠡᠷᠡᠭᠦᠯ ᠰᠠᠷᠠᠭᠤᠯ ᠠᠮᠢᠳᠤᠷᠠᠯ ᠳᠤᠮᠳᠠ ᠰᠢᠨ᠎ᠡ ᠠᠶᠠᠨ ᠳᠤ ᠡᠷᠡᠯᠬᠡᠭᠯᠡᠨ ᠤᠷᠤᠭᠰᠢᠯᠠᠬᠤ | ᠰᠦᠷ ᠳᠠᠯᠠᠶᠢᠴᠠᠲᠠᠢ ᠬᠦᠴᠦᠨ ᠴᠢᠳᠠᠯ ᠢ ᠨᠢᠭᠲᠠᠷᠠᠭᠤᠯᠤᠨ᠎ᠠ᠃ |