| | | | 5 ᠰᠠᠷ᠎ᠠ ᠶᠢᠨ 31 ᠤ ᠡᠳᠦᠷ᠂ ᠬᠤᠶᠠᠳᠤᠭᠠᠷ ᠬᠤᠭᠤᠴᠠᠭᠠᠨ ᠤ ᠰᠤᠪᠤᠷᠭ᠎ᠠ ᠰᠣᠶᠣᠯ ᠵᠢᠭᠤᠯᠴᠢᠯᠠᠯ ᠤᠨ ᠤᠯᠠᠷᠢᠯ ᠵᠢᠩᠬᠢᠨᠢ ᠪᠠᠷ ᠡᠬᠢᠯᠡᠪᠡ᠃ ᠠᠵᠢᠯᠯᠠᠭᠠᠨ ᠨᠢ | ᠠᠮᠢ ᠠᠬᠤᠢ᠂ ᠲᠡᠦᠬᠡ᠂ ᠠᠷᠠᠳ ᠤᠨ ᠵᠠᠩ ᠦᠢᠯᠡ ᠶᠢᠨ ᠡᠬᠢ ᠪᠠᠶᠠᠯᠢᠭ ᠢ ᠨᠡᠶᠢᠳᠬᠡᠬᠦ ᠪᠠᠷ ᠳᠠᠮᠵᠢᠭᠤᠯᠵᠤ᠂ ᠵᠤᠭᠠᠴᠠᠭᠰᠠᠳ ᠲᠤ ᠨᠢᠭᠡ ᠤᠳᠠᠭ᠎ᠠ ᠶᠢᠨ ᠮᠠᠷᠲᠠᠭᠳᠠᠰᠢ | ᠦᠭᠡᠢ ᠵᠤᠭᠠᠴᠠᠯ ᠤᠨ ᠣᠶᠢᠯᠠᠭᠠᠯᠲᠠ ᠶᠢ ᠠᠪᠴᠢᠷᠠᠭᠰᠠᠨ ᠪᠠᠶᠢᠨ᠎ᠠ᠃ | ᠲᠤᠰ ᠤᠳᠠᠭᠠᠨ ᠤ ᠠᠵᠢᠯᠯᠠᠭ᠎ᠠ ᠨᠢ ᠪᠠᠶᠢᠭᠠᠯᠢ ᠶᠢᠨ ᠦᠵᠡᠮᠵᠢ᠂ ᠰᠣᠶᠣᠯ ᠤᠨ ᠦᠵᠡᠭᠦᠯᠦᠯᠭᠡ᠂ ᠠᠷᠠᠳ ᠤᠨ ᠵᠠᠩ ᠦᠢᠯᠡ ᠶᠢᠨ ᠦᠵᠡᠭᠦᠯᠦᠯᠭᠡ ᠵᠡᠷᠭᠡ ᠤᠯᠠᠨ | ᠡᠰᠢᠲᠦ ᠪᠠᠶᠢᠳᠠᠯ ᠢ ᠬᠠᠮᠤᠷᠴᠤ᠂ ᠰᠢᠷᠢᠰ ᠠᠵᠢᠯᠯᠠᠭ᠎ᠠ ᠨᠢ ᠡᠳᠦᠷ ᠰᠥᠨᠢ ᠦᠭᠡᠢ ᠶᠠᠪᠤᠭᠳᠠᠵᠤ᠂ ᠥᠷᠯᠥᠭᠡ ᠡᠷᠲᠡ ᠶᠢᠨ ᠲᠡᠭ ᠴᠠᠭ ᠲᠤ ᠵᠤᠭᠠᠴᠠᠭᠰᠠᠳ ᠭᠠᠷ ᠲᠠᠭᠠᠨ | ᠴᠣᠮᠣ ᠮᠥᠩᠭᠦᠨ ᠠᠶᠠᠭ᠎ᠠ ᠪᠠᠨ ᠪᠠᠷᠢᠵᠤ ᠷᠠᠰᠢᠶᠠᠨ ᠪᠤᠯᠠᠭ ᠤᠨ ᠤᠰᠤ ᠲᠤᠰᠴᠤ᠂ ᠬᠠᠮᠲᠤ ᠪᠠᠷ ᠵᠣᠯ ᠵᠢᠷᠭᠠᠯ ᠠᠮᠤᠷ ᠠᠮᠤᠭᠤᠯᠠᠩ᠂ ᠰᠠᠶᠢᠨ ᠰᠠᠶᠢᠬᠠᠨ ᠪᠠᠶᠢᠬᠤ ᠶᠢ | ᠵᠦᠩᠨᠡᠵᠡᠢ︔ ᠦᠳᠡ ᠶᠢᠨ ᠦᠶ᠎ᠡ ᠳᠤ᠂ ᠨᠠᠷᠠᠰᠤ ᠮᠠᠯᠵᠢᠯ ᠤᠨ ᠲᠠᠯᠠᠪᠠᠢ ᠳᠤ ᠮᠠᠶᠢᠬᠠᠨ ᠪᠤᠰᠬᠠᠵᠤ᠂ ᠨᠡᠭᠦᠷᠡᠰᠦᠨ ᠤ ᠭᠠᠯ ᠤᠨ ᠬᠠᠵᠠᠭᠤ ᠳᠤ ᠰᠠᠭᠤᠵᠤ᠂ ᠰᠢᠷᠠᠭᠰᠠᠨ | ᠬᠤᠨᠢᠨ ᠮᠢᠬ᠎ᠠ᠂ ᠴᠠᠭᠠᠨ ᠢᠳᠡᠭᠡᠨ ᠵᠡᠷᠭᠡ ᠲᠠᠯ᠎ᠠ ᠨᠤᠲᠤᠭ ᠤᠨ ᠦᠨᠦᠷ ᠠᠮᠳᠠᠳᠤ ᠢᠳᠡᠭᠡᠨ ᠶᠢ ᠡᠳ᠋ᠯᠡᠨ᠂ ᠰᠢᠷᠢᠰ ᠠᠵᠢᠯᠯᠠᠭ᠎ᠠ ᠨᠢ ᠰᠥᠨᠢ ᠳᠦᠯᠢ ᠪᠣᠯᠲᠠᠯ᠎ᠠ | ᠵᠤᠭᠠᠴᠠᠭᠰᠠᠳ ᠲᠤ ᠲᠠᠯ᠎ᠠ ᠨᠤᠲᠤᠭ ᠤᠨ ᠥᠪᠡᠷᠮᠢᠴᠡ ᠬᠡᠪ ᠨᠠᠮᠪᠠ ᠶᠢ ᠮᠡᠳᠡᠷᠡᠬᠦᠯᠦᠭᠰᠡᠨ ᠪᠠᠶᠢᠨ᠎ᠠ᠃ | ᠰᠣᠪᠣᠷᠭ᠎ᠠ ᠰᠣᠶᠣᠯ ᠵᠢᠭᠤᠯᠴᠢᠯᠠᠯ ᠤᠨ ᠤᠯᠠᠷᠢᠯ ᠨᠢ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠢᠶᠠᠷ ᠵᠠᠭᠤᠴᠢᠯᠠᠭᠤᠷ ᠪᠣᠯᠭᠠᠵᠤ᠂ ᠰᠣᠶᠣᠯ ᠵᠢᠭᠤᠯᠴᠢᠯᠠᠯ ᠢᠶᠠᠷ | ᠬᠥᠭᠦᠷᠭᠡ ᠪᠣᠯᠭᠠᠵᠤ᠂ ᠯᠢᠶᠣᠤ ᠤᠯᠤᠰ ᠤᠨ ᠴᠢᠩᠵᠸᠦ ᠶᠢᠨ ᠴᠠᠭᠠᠨ ᠰᠤᠪᠤᠷᠭ᠎ᠠ᠂ ᠪᠢᠳᠡᠬᠦᠦ ᠶᠢᠨ ᠷᠠᠰᠢᠶᠠᠨ᠂ ᠠᠷᠠᠳ ᠤᠨ ᠵᠠᠩ ᠦᠢᠯᠡ ᠶᠢᠨ ᠰᠣᠶᠣᠯ᠂ | ᠪᠠᠶᠢᠭᠠᠯᠢ ᠶᠢᠨ ᠠᠮᠢ ᠠᠬᠤᠢ ᠵᠡᠷᠭᠡ ᠡᠬᠢ ᠪᠠᠶᠠᠯᠢᠭ ᠢ ᠣᠷᠭᠠᠨᠢᠭ ᠢᠶᠠᠷ ᠠᠭᠤᠰᠤᠯᠴᠠᠭᠤᠯᠵᠤ᠂ ᠰᠤᠪᠤᠷᠭ᠎ᠠ ᠶᠢᠨ ᠥᠪᠡᠷᠮᠢᠴᠡ ᠠᠭᠤᠯᠠ ᠤᠰᠤᠨ ᠤ ︽ᠲᠥᠷᠢ ᠲᠦᠷᠬᠦ︾ | ᠬᠢᠭᠡᠳ ᠰᠣᠶᠣᠯ ᠤᠨ ︽ᠠᠭᠤᠯᠠᠭᠳᠠᠬᠤᠨ︾ ᠶᠢ ᠪᠥᠬᠦ ᠲᠠᠯ᠎ᠠ ᠪᠠᠷ ᠳᠡᠯᠭᠡᠨ ᠦᠵᠡᠭᠦᠯᠵᠦ᠂ ᠨᠠᠩ ᠣᠯᠠᠨ ᠵᠤᠭᠠᠴᠠᠭᠰᠠᠳ ᠢ ᠲᠠᠲᠠᠵᠤ ᠬᠡᠷᠡᠭᠯᠡᠭᠡ ᠬᠢᠯᠭᠡᠵᠦ᠂ ᠰᠣᠶᠣᠯ | ᠵᠢᠭᠤᠯᠴᠢᠯᠠᠯ ᠤᠨ ᠨᠠᠷᠠᠲᠤ ᠲᠥᠷᠥᠯ ᠲᠡᠮᠳᠡᠭᠲᠦ ᠶᠢᠨ ᠨᠥᠯᠥᠭᠡᠯᠡᠬᠦ ᠬᠦᠴᠦᠨ ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠂ ︽ᠪᠥᠬᠦ ᠤᠯᠤᠰ ᠤᠨ ᠣᠨᠴᠠᠯᠢᠭᠲᠤ | ᠦᠵᠡᠮᠵᠢ ᠶᠢᠨ ᠵᠢᠭᠤᠯᠴᠢᠯᠠᠯ ᠤᠨ ᠨᠠᠷᠠᠲᠤ ᠪᠠᠯᠭᠠᠰᠤ︾ ᠭᠡᠬᠦ ᠡᠨᠡᠬᠦ ᠨᠡᠷ᠎ᠡ ᠶᠢᠨ ᠬᠠᠭᠤᠳᠠᠰᠤ ᠶᠢ ᠭᠡᠷᠡᠯᠲᠦᠭᠦᠯᠵᠦ᠂ ᠪᠠᠭᠠᠷᠢᠨ ᠪᠠᠷᠠᠭᠤᠨ ᠬᠤᠰᠢᠭᠤᠨ ᠤ ᠲᠠᠯ᠎ᠠ | ᠨᠤᠲᠤᠭ ᠤᠨ ᠰᠣᠶᠣᠯ ᠵᠢᠭᠤᠯᠴᠢᠯᠠᠯ ᠤᠨ ᠰᠢᠨ᠎ᠡ ᠭᠠᠵᠠᠷ ᠤᠨ ᠲᠡᠮᠳᠡᠭ ᠢ ᠪᠥᠬᠦ ᠬᠦᠴᠦᠨ ᠢᠶᠠᠷ ᠢᠶᠠᠨ ᠴᠣᠭᠴᠠᠯᠠᠪᠠ᠃ |